ᠵᠤᠨ ᠤ ᠲᠡᠯᠬᠡᠷ ᠴᠠᠭ ᠢᠶᠠᠷ ᠡᠧᠠᠩᠬᠢ ᠶᠢᠨ ᠰᠧᠪᠵᠢᠬᠡᠨ ᠨᠠᠶᠢᠷ ᠦᠪᠡᠷᠮᠢᠴᠡ ᠤᠨᠴᠠᠯᠢᠭ ᠢᠶᠠᠷ ᠢᠶᠠᠨ ᠤᠯᠠᠨ ᠪᠦᠬᠦᠳᠡ ᠶᠢ ᠪᠠᠶᠠᠰᠬᠠᠨ ᠶᠤᠰᠤᠯᠠᠯ ᠲᠡᠬᠦᠯᠳᠡᠷ ᠡᠬᠢᠯᠡᠵᠤ᠂ ᠤᠯᠠᠮᠵᠢᠯᠠᠯᠲᠦ ᠦᠨᠲᠦᠰᠦᠳᠡᠨ ᠤ ᠪᠡᠶ᠎ᠠ ᠶᠢᠨ ᠲᠠᠮᠢᠷ ᠤᠨ ᠲᠦᠷᠦᠯ ᠡᠮᠬᠢ ᠲᠠᠷᠠᠭ᠎ᠠ ᠲᠠᠢ ᠶᠠᠪᠤᠭᠳᠠᠨ ᠬᠠᠷᠠᠭᠰᠠᠨ ᠤᠯᠠᠨ ᠤ ᠰᠡᠳᠬᠢᠯ ᠤᠨ ᠬᠦᠭ ᠢ ᠬᠦᠭᠵᠢᠬᠡᠨ ᠶᠠᠪᠤᠭᠳᠠᠵᠤ ᠦᠡᠭᠬᠡᠷᠡᠯ᠎ᠠ᠃

ᠪᠦᠬᠡ ᠶᠢᠨ ᠨᠤᠭᠤᠭᠠᠨ ᠲᠠᠪᠵᠢᠶ᠎ᠠ ᠶᠢ ᠬᠤᠲᠤᠯᠵᠠᠭᠤᠯᠤᠭᠰᠠᠨ ᠪᠦᠬᠡᠴᠤᠳ ᠤᠨ ᠲᠤᠲᠤᠷ᠎ᠠ ᠰᠢᠨ᠎ᠠ ᠪᠠᠷᠭᠤ ᠵᠡᠬᠦᠨ ᠬᠤᠰᠢᠭᠤᠨ ᠤ ᠵᠠᠯᠠᠭᠤᠬᠠᠨ ᠬᠤᠤᠰ ᠡᠩᠬᠡᠵᠢᠷᠭᠠᠯ ᠳ᠋ᠠᠷᠬᠢᠵᠠᠪ ᠬᠤᠶᠠᠷ ᠡᠷᠡᠭᠲᠠᠢ ᠡᠮᠡᠭᠲᠠᠢ ᠪᠦᠬᠡ ᠶᠢᠨ ᠪᠠᠷᠢᠯᠲᠤᠭᠠᠨ ᠳᠤ ᠬᠤᠶᠠᠭᠤᠯᠠ ᠪᠠᠨ ᠤᠲᠤᠲᠠᠢ ᠪᠠᠷᠢᠯᠲᠤᠨ ᠲᠡᠳ᠋ᠯᠡᠵᠤ᠂ ᠨᠠᠭᠠᠲᠤᠮᠴᠢᠳ ᠤᠨ ᠪᠠᠭ᠋ᠠᠷᠬᠠᠯ ᠢ ᠲᠠᠲᠠᠪᠠ᠃

ᠡᠩᠬᠡᠵᠢᠷᠭᠠᠯ ᠰᠢᠨ᠎ᠠ ᠪᠠᠷᠭᠤ ᠵᠡᠬᠦᠨ ᠬᠤᠰᠢᠭᠤᠨ ᠤ ᠰᠢᠨᠠᠪᠤᠯᠠᠭ ᠰᠤᠮᠤᠨ ᠤ ᠬᠦᠭᠵᠢᠯᠲᠦ ᠭᠠᠴᠠᠭ᠎ᠠ ᠪᠠᠷ ᠨᠤᠲᠤᠭ ᠲᠠᠢ ᠲᠤᠰ ᠨᠠᠶᠢᠷ ᠤᠨ ᠢᠳᠡᠷᠴᠤᠳ ᠤᠨ ᠪᠠᠷᠢᠯᠲᠤᠭᠠᠨ ᠳᠤ ᠵᠢᠷᠭᠤᠭ᠎ᠠ ᠲᠠᠪᠠᠨ ᠲᠡᠳ᠋ᠯᠡᠨ ᠠᠮᠵᠢᠯᠳᠠ ᠪᠠᠨ ᠪᠠᠲᠤᠯᠠᠭᠰᠠᠨ ᠪᠤᠯ ᠲᠡᠬᠦᠨ ᠤ ᠬᠡᠷᠬᠡᠢ ᠰᠢᠨ᠎ᠠ ᠪᠠᠷᠭᠤ ᠵᠡᠬᠦᠨ ᠬᠤᠰᠢᠭᠤᠨ ᠤ ᠠᠵᠢᠯ ᠤᠨ ᠴᠢᠯᠦᠬᠡᠨ ᠤ ᠲᠠᠮᠢᠷ ᠤᠨ ᠰᠤᠷᠭᠠᠭᠤᠯᠢ ᠶᠢᠨ ᠴᠢᠯᠦᠬᠡᠲᠦ ᠪᠦᠬᠡ ᠶᠢᠨ ᠰᠤᠷᠭᠠᠭᠴᠢ ᠳ᠋ᠠᠷᠬᠢᠵᠠᠪ 32 ᠪᠦᠬᠡ ᠳᠤ ᠲᠡᠳ᠋ ᠪᠠᠶᠢᠷᠢᠨ ᠳᠤ ᠲᠠᠪᠢᠵᠠᠢ᠃

ᠲᠡᠷᠡ ᠬᠤᠶᠠᠭᠤᠯᠠ 2014 ᠤᠨ ᠳᠤ ᠵᠠᠶᠠᠭ᠎ᠠ ᠬᠤᠯᠪᠤᠨ ᠪᠦᠬᠡ ᠶᠢᠨ ᠬᠡᠷ ᠪᠦᠯᠢ ᠪᠤᠯᠤᠭᠰᠠᠨ ᠠᠴᠠ ᠬᠤᠶᠢᠰᠢ ᠪᠡᠶ᠎ᠠ ᠪᠡᠶ᠎ᠠ ᠳᠡᠭᠡᠨ ᠤᠷᠮ᠎ᠠ ᠬᠠᠶᠢᠷᠠᠯᠠᠨ ᠪᠤᠯᠪᠠᠰᠤᠷᠠᠯ ᠢᠶᠠᠨ ᠡᠷᠴᠢᠮᠵᠢᠬᠦᠯᠦᠨ ᠪᠠᠷᠢᠯᠲᠤᠭᠰᠠᠨ ᠠᠴᠠ ᠬᠤᠶᠠᠭᠤᠯᠠ ᠪᠠᠨ ᠤᠯᠠᠨ ᠰᠠᠶᠢᠬᠠᠨ ᠨᠠᠶᠢᠷ ᠢᠶᠠᠷ ᠤᠳᠤᠳᠠᠢ ᠪᠠᠷᠢᠯᠲᠤᠵᠠᠢ᠃ ᠤᠨᠴᠠᠯᠠᠨ ᠲᠤᠷᠠᠳᠪᠠᠯ 2014 ᠤᠨ ᠤ ᠰᠢᠨ᠎ᠠ ᠪᠠᠷᠭᠤ ᠵᠡᠬᠦᠨ ᠬᠤᠰᠢᠭᠤᠨ ᠤ ᠠᠷᠠᠳ ᠤᠨ ᠨᠠᠭᠠᠲᠤᠮ ᠳᠤ ᠡᠩᠬᠡᠵᠢᠷᠭᠠᠯ ᠲᠡᠬᠡᠲᠦ ᠨᠠᠢᠮᠠ ᠳᠤ ᠲᠠᠪᠢᠵᠤ᠂ ᠳ᠋ᠡᠷᠬᠢᠵᠠᠪ ᠲᠡᠳ᠋ᠯᠡᠵᠤ ᠪᠠᠶᠢᠭᠰᠠᠨ ᠶᠤᠮ᠃

ᠡᠩᠬᠡᠵᠢᠷᠭᠠᠯ ᠪᠤᠯ ᠰᠢᠨ᠎ᠠ ᠪᠠᠷᠭᠤ ᠵᠡᠬᠦᠨ ᠬᠤᠰᠢᠭᠤᠨ ᠤ ᠰᠢᠨᠠᠪᠤᠯᠠᠭ ᠰᠤᠮᠤᠨ ᠤ ᠬᠤᠨᠲᠤᠨ ᠬᠠᠯᠠ ᠶᠢᠨ ᠿᠾᠠᠪᠤᠭᠵᠠᠪ ᠤᠨ ᠤᠤᠭᠠᠨ ᠬᠦᠦ᠃ 2015 ᠤᠨ ᠤ ᠪᠦᠬᠦ ᠤᠯᠤᠰ ᠤᠨ ᠲᠤᠮᠲᠠᠲᠦ ᠮᠡᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠲᠤᠭᠠᠨ ᠤ 100 ᠺᠢᠯᠦᠭᠷᠡᠮ ᠤᠨ ᠲᠡᠰ ᠲᠤ ᠮᠦᠡᠭᠬᠦᠨ ᠮᠧᠳᠠᠯ ᠭᠠᠷᠳᠠᠵᠦ᠂ ᠲᠤᠮᠲᠠᠲᠦ ᠮᠡᠶ᠋ᠢᠭ ᠤᠨ ᠪᠦᠬᠡ ᠶᠢᠨ 《ᠤᠯᠤᠰ ᠤᠨ ᠠᠪᠤᠷᠭᠤ》ᠪᠤᠯᠪᠠ᠃ ᠲᠡᠷᠡᠪᠡᠷ ᠮᠤᠩᠭᠤᠯ ᠪᠦᠬᠡ ᠶᠢᠨ ᠲᠠᠪᠵᠢᠶᠠᠨ ᠳᠤ ᠤᠢᠢᠷ᠎ᠠ ᠶᠢᠨ ᠵᠢᠯ ᠳᠤ ᠤᠲᠤᠲᠠᠢ ᠪᠠᠷᠢᠯᠲᠤᠵᠤ᠂ 2018 ᠤᠨ ᠤ ᠬᠦᠯᠦᠨ ᠪᠤᠶᠢᠷ ᠬᠤᠳᠠ ᠶᠢᠨ ᠠᠩᠬᠠᠲᠤᠭᠠᠷ ᠤᠳᠠᠭᠠᠨ ᠤ ᠮᠤᠩᠭᠤᠯ ᠪᠦᠬᠡ ᠶᠢᠨ ᠴᠤᠯᠠ ᠤᠯᠭᠤᠬᠤ ᠪᠠᠷᠢᠯᠲᠤᠭᠠᠨ ᠳᠤ ᠲᠡᠬᠡᠲᠦ ᠲᠦᠷᠪᠡ ᠳᠤ ᠲᠠᠪᠢᠵᠤ᠂ 《ᠠᠶᠢᠮᠠᠭ ᠤᠨ ᠬᠠᠷᠴᠠᠭᠠᠢ》 ᠴᠤᠯᠠ ᠬᠠᠮᠠᠭᠠᠯᠠᠯ᠎ᠠ᠃ ᠲᠡᠷᠡ 2015 ᠤᠨ ᠤ ᠮᠡᠨᠡᠩ ᠤᠨ ᠪᠤᠭᠳᠠ ᠠᠭᠤᠯᠠ ᠶᠢᠨ ᠲᠠᠬᠢᠯᠭ᠎ᠠ ᠶᠢᠨ ᠨᠠᠶᠢᠷ ᠲᠤ ᠲᠡᠷᠢᠬᠦᠯᠡᠵᠤ᠂ 2016 ᠤᠨ᠂ 2017 ᠤᠨ ᠤ ᠮᠤᠭᠠᠢ ᠶᠢᠨ ᠪᠤᠭᠳᠠ ᠠᠭᠤᠯᠠ ᠶᠢᠨ ᠲᠠᠬᠢᠯᠭ᠎ᠠ ᠳᠤ ᠬᠤᠶᠠᠷ ᠵᠢᠯ ᠲᠠᠷᠠᠭᠠᠨᠯᠠᠨ ᠲᠡᠳ᠋ᠯᠡᠵᠤ᠂ 2018 ᠤᠨ ᠤ ᠰᠢᠨ᠎ᠠ ᠪᠠᠷᠭᠤ ᠵᠡᠬᠦᠨ ᠬᠤᠰᠢᠭᠤᠨ ᠤ 《ᠮᠦᠡᠭᠬᠦᠨ ᠪᠠᠷᠭᠤ》 ᠡᠪᠦᠯ ᠤᠨ ᠤᠯᠠᠷᠢᠯ ᠤᠨ ᠭᠠᠯ ᠲᠠᠬᠢᠯᠭ᠎ᠠ ᠶᠢᠨ ᠨᠠᠶᠢᠷ ᠲᠤ ᠲᠡᠷᠢᠬᠦᠯᠡᠭᠰᠠᠨ ᠠᠮᠵᠢᠯᠳᠠ ᠲᠠᠢ᠃ ᠤᠲᠦ ᠪᠤᠯᠬᠤ ᠳᠤ ᠶᠡᠭᠡ ᠪᠠᠭ᠎ᠠ ᠨᠠᠶᠢᠷ ᠨᠠᠭᠠᠲᠤᠮ ᠢᠶᠠᠷ ᠵᠠᠭᠤ ᠭᠠᠷᠤᠢ ᠤᠳᠠᠭ᠎ᠠ ᠲᠡᠷᠢᠬᠦᠯᠡᠭᠰᠡᠨ ᠲᠤᠲᠤᠬᠠᠨ ᠠᠮᠵᠢᠯᠳᠠ ᠶᠢ ᠲᠡᠮᠳᠡᠭᠯᠡᠭᠰᠡᠨ ᠵᠠᠯᠠᠭᠤ ᠪᠦᠬᠡ᠃

ᠡᠩᠬᠡᠵᠢᠷᠭᠠᠯ ᠤᠨ ᠬᠡᠷᠬᠡᠢ ᠳ᠋ᠠᠷᠬᠢᠵᠠᠪ ᠰᠢᠨ᠎ᠠ ᠪᠠᠷᠭᠤ ᠵᠡᠬᠦᠨ ᠬᠤᠰᠢᠭᠤᠨ ᠤ ᠵᠢᠪᠬᠤᠯᠠᠩᠲᠦ ᠰᠤᠮᠤᠨ ᠤ ᠡᠷᠳᠡᠨᠢᠰᠤᠶᠤᠯ ᠤᠨ ᠬᠡᠤᠬᠡᠨ᠃ ᠠᠪᠠᠭ᠎ᠠ ᠶᠢᠨ ᠲᠠᠯ᠎ᠠ ᠪᠤᠯᠤᠨ ᠨᠠᠭᠠᠴᠦ ᠶᠢᠨ ᠲᠠᠯ᠎ᠠ ᠶᠢᠨ ᠤᠲᠤᠮ ᠢ ᠵᠠᠯᠭᠠᠵᠤ᠂ ᠬᠠᠷᠠᠬᠠᠨ ᠪᠠᠭ᠎ᠠ ᠠᠴᠠ ᠪᠠᠨ ᠪᠦᠬᠡ ᠳᠤ ᠪᠠᠭ᠋ᠠᠲᠠᠢ ᠪᠤᠯᠬᠤᠷ 2007 ᠤᠨ ᠠᠴᠠ ᠦᠪᠦᠷ ᠮᠤᠩᠭᠤᠯ ᠤᠨ ᠪᠡᠶ᠎ᠠ ᠶᠢᠨ ᠲᠠᠮᠢᠷ ᠤᠨ ᠰᠤᠷᠭᠠᠭᠤᠯᠢ ᠳᠤ ᠴᠢᠯᠦᠬᠡᠲᠦ ᠪᠦᠬᠡ ᠪᠠᠷ ᠪᠤᠯᠪᠠᠰᠤᠷᠠᠵᠤ᠂ 2010 ᠤᠨ ᠳᠤ ᠦᠪᠦᠷ ᠮᠤᠩᠭᠤᠯ ᠤᠨ ᠪᠡᠶ᠎ᠠ ᠶᠢᠨ ᠲᠠᠮᠢᠷ ᠤᠨ ᠭᠤᠷᠪᠠᠲᠤᠭᠠᠷ ᠶᠡᠭᠡ ᠠᠩᠬᠢ ᠳᠤ ᠲᠠᠮᠢᠷᠴᠢᠨ ᠢᠶᠠᠷ ᠡᠯᠰᠡᠭᠳᠡᠵᠤ᠂ ᠵᠢᠯ ᠭᠠᠷᠤᠢ ᠶᠢᠨ ᠪᠤᠯᠪᠠᠰᠤᠷᠠᠯ ᠬᠦᠷᠳᠠᠵᠤ ᠦᠡᠭᠬᠡᠷᠡᠭᠰᠡᠨ ᠶᠤᠮ᠃ 2011 ᠤᠨ ᠳᠤ ᠨᠤᠲᠤᠭ ᠲᠠᠭᠠᠨ ᠪᠤᠴᠠᠭᠰᠠᠨ ᠤ ᠲᠠᠷᠠᠭ᠎ᠠ ᠬᠤᠰᠢᠭᠤᠨ ᠤ ᠪᠠᠨ ᠠᠵᠢᠯ ᠤᠨ ᠴᠢᠯᠦᠬᠡᠨ ᠤ ᠪᠡᠶ᠎ᠠ ᠶᠢᠨ ᠲᠠᠮᠢᠷ ᠤᠨ ᠰᠤᠷᠭᠠᠭᠤᠯᠢ ᠶᠢᠨ ᠰᠤᠷᠭᠠᠭᠴᠢ ᠪᠠᠷ ᠠᠵᠢᠯᠯᠠᠭᠠᠳ ᠲᠤᠯᠤᠭᠠᠨ ᠵᠢᠯ ᠪᠤᠯᠵᠤ ᠪᠤᠢ᠃ ᠲᠡᠬᠦᠨ ᠤ ᠠᠮᠵᠢᠯᠳᠠ ᠠᠴᠠ ᠲᠤᠷᠠᠳᠪᠠᠯ᠄ 2009 ᠤᠨ ᠳᠤ ᠪᠦᠬᠦ ᠤᠯᠤᠰ ᠤᠨ ᠲᠤᠮᠲᠠᠲᠤ ᠮᠡᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠲᠤᠭᠠᠨ ᠳᠤ 56 ᠺᠢᠯᠦᠭᠷᠡᠮ ᠤᠨ ᠲᠡᠰ ᠲᠤ ᠭᠤᠷᠪᠠᠲᠤᠭᠠᠷ ᠲᠤ ᠤᠷᠤᠵᠤ᠂ ᠲᠤᠰ ᠵᠢᠯ ᠳᠡᠭᠡᠨ ᠪᠦᠬᠦ ᠤᠯᠤᠰ ᠤᠨ ᠴᠢᠯᠦᠬᠡᠲᠦ ᠪᠦᠬᠡ ᠶᠢᠨ ᠤᠷᠤᠯᠲᠤᠭᠠᠨ ᠳᠤ ᠪᠠᠰᠠ ᠭᠤᠷᠪᠠᠲᠤᠭᠠᠷ ᠲᠤ ᠲᠠᠪᠢᠵᠠᠢ᠃ 2014 ᠤᠨ ᠳᠤ ᠬᠦᠬᠡᠬᠤᠳᠠ ᠳᠤ ᠶᠠᠪᠤᠭᠳᠠᠭᠰᠠᠨ ᠪᠦᠬᠦ ᠤᠯᠤᠰ ᠤᠨ ᠲᠤᠮᠲᠠᠲᠦ ᠮᠡᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠲᠤᠭᠠᠨ ᠳᠤ ᠮᠦᠡᠭᠬᠦᠨ ᠮᠧᠳᠠᠯ ᠬᠦᠷᠳᠡᠵᠠᠢ᠃

ᠨᠠᠶᠢᠷ ᠨᠠᠭᠠᠲᠤᠮ ᠢᠶᠠᠷ ᠡᠮᠡᠭᠲᠠᠢ ᠪᠦᠬᠡ ᠶᠢᠨ ᠪᠠᠷᠢᠯᠲᠤᠭᠠᠨ ᠴᠦᠬᠡᠨ ᠪᠠᠷᠢᠯᠲᠤᠳᠠᠭ ᠴᠦ ᠤᠢᠢᠷ᠎ᠠ ᠶᠢᠨ ᠬᠡᠲᠤᠨ ᠵᠢᠯ ᠬᠦᠯᠦᠨ ᠪᠤᠶᠢᠷ ᠤᠨ ᠬᠡᠪᠴᠢᠶᠠᠨ ᠳᠤ ᠵᠤᠬᠢᠶᠠᠨ ᠪᠠᠶᠢᠭᠤᠯᠤᠭᠳᠠᠭᠰᠠᠨ ᠡᠮᠡᠭᠲᠠᠢ ᠪᠦᠬᠡ ᠶᠢᠨ ᠪᠠᠷᠢᠯᠲᠤᠭᠠᠨ ᠪᠤᠯᠭᠠᠨ ᠳᠤ ᠳ᠋ᠠᠷᠬᠢᠵᠠᠪ ᠵᠤᠲᠤᠭᠯᠠᠵᠤ᠂ ᠦᠪᠡᠷ ᠤᠨ ᠪᠠᠷᠢᠯᠲᠤᠭᠠᠨ ᠤ ᠮᠡᠷᠬᠡᠵᠢᠯ ᠢᠶᠠᠨ ᠪᠠᠳᠠᠷᠠᠭᠤᠯᠤᠨ ᠲᠡᠷᠢᠬᠦᠨ ᠲᠡᠳ᠋ ᠲᠤ ᠲᠤᠲᠤᠷᠠᠵᠤ ᠢᠷᠡᠭᠰᠡᠨ ᠶᠤᠮ᠃ ᠮᠤᠩᠭᠤᠯ ᠪᠦᠬᠡ ᠪᠠᠷ 2012 ᠤᠨ ᠳᠤ ᠬᠦᠯᠦᠨ ᠪᠤᠶᠢᠷ ᠬᠤᠳᠠ ᠶᠢᠨ ᠭᠤᠷᠪᠠᠳᠠᠬᠢ ᠤᠳᠠᠭᠠᠨ ᠤ ᠠᠷᠠᠳ ᠤᠨ ᠨᠠᠭᠠᠲᠤᠮ ᠤᠨ ᠡᠮᠡᠭᠲᠠᠢ ᠪᠦᠬᠡ ᠶᠢᠨ ᠪᠠᠷᠢᠯᠲᠤᠭᠠᠨ ᠳᠤ ᠲᠡᠷᠢᠬᠦᠯᠡᠵᠤ᠂ 2014 ᠤᠨ ᠳᠤ ᠰᠢᠨ᠎ᠠ ᠪᠠᠷᠭᠤ ᠵᠡᠬᠦᠨ ᠬᠤᠰᠢᠭᠤᠨ ᠤ ᠠᠷᠠᠳ ᠤᠨ ᠨᠠᠭᠠᠲᠤᠮ ᠳᠤ ᠲᠡᠳ᠋ᠯᠡᠪᠠ᠃

ᠪᠦᠬᠡ ᠪᠤᠯᠤᠨ᠎ᠠ ᠬᠡᠵᠦ ᠬᠤᠪᠤᠷᠬᠠᠨ ᠵᠠᠶᠠᠭ᠎ᠠ᠂ ᠨᠡᠩ ᠴᠦ ᠪᠦᠬᠡ ᠶᠢᠨ ᠬᠡᠷ ᠪᠦᠯᠢ ᠪᠠᠶᠢᠭᠤᠯᠵᠤ ᠬᠤᠶᠠᠭᠤᠯᠠ ᠪᠠᠨ ᠨᠠᠶᠢᠷ ᠤᠨ ᠤᠲᠤᠨ ᠪᠤᠯᠤᠨ ᠬᠢᠯᠠᠯᠵᠠᠬᠤ ᠬᠡᠵᠦ ᠤᠯᠳᠠᠰᠢ ᠦᠬᠡᠢ ᠵᠠᠶᠠᠭ᠎ᠠ᠃ ᠡᠩᠬᠡᠵᠢᠷᠭᠠᠯ ᠳ᠋ᠠᠷᠬᠢᠵᠠᠪ ᠬᠤᠶᠠᠭᠤᠯᠠ ᠪᠦᠬᠡ ᠶᠢᠨ ᠬᠠᠳᠠᠭᠤ ᠲᠠᠪᠵᠢᠶᠡᠨ ᠳᠤ ᠪᠡᠶ᠎ᠠ ᠪᠡᠶ᠎ᠠ ᠪᠠᠨ ᠤᠷᠮ᠎ᠠ ᠪᠠᠷ ᠲᠡᠳᠬᠦᠨ ᠦᠨᠦᠲᠦᠷ ᠤᠨ ᠦᠨᠲᠦᠷ ᠠᠮᠵᠢᠯᠳᠠ ᠶᠢ ᠡᠬᠦᠳᠴᠦ᠂ ᠪᠦᠬᠡ ᠶᠢᠨ ᠲᠠᠪᠴᠠᠩ ᠳᠤ ᠬᠤᠤᠰ ᠤᠲᠤᠨ ᠪᠤᠯᠤᠨ ᠬᠢᠯᠠᠯᠵᠠᠵᠤ ᠶᠠᠪᠤᠨ᠎ᠠ᠃

ᠢᠷᠡᠯᠳᠡ : 

 ᠬᠦᠯᠦᠨ ᠪᠤᠢᠢᠷ ᠮᠤᠩᠭᠤᠯ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ