ᠭᠤᠱᠤᠭᠤᠨ ᠰᠤᠯᠠ ᠢᠳᠡᠭᠡᠨ ᠨᠢ ᠬᠢᠮᠳᠠ ᠪᠥᠭᠡᠳ ᠠᠮᠲᠠᠲᠠᠢ ᠪᠠᠶᠢᠬᠤ ᠪᠠᠷ  ᠢᠶᠠᠨ  ᠦᠷᠭᠡᠨ  ᠤᠯᠠᠨ  ᠬᠦᠮᠦᠰ ‍ᠦᠨ‌‍ᠲ᠋ᠠᠭᠠᠰᠢᠶᠠᠯ ᠢ ᠤᠯᠤᠭᠰᠠᠨ ᠶᠤᠮ᠂ ᠭᠡᠬᠦ ᠳᠡᠭᠡᠨ ᠲᠡᠭᠦᠨ ᠤ ᠪᠡᠶ᠎ᠡ ᠮᠠᠬᠠᠪᠤᠳ ᠲᠤ ᠦᠵᠡᠭᠦᠯᠬᠦ  ᠨᠦᠯᠦᠭᠡᠨ  ᠤ  ᠲᠤᠬᠠᠢ  ᠬᠦᠮᠦᠰ‌  ᠰᠠᠨᠠᠭᠠᠰᠢᠷᠠᠵᠤ ᠪᠠᠶᠢᠭ᠎ᠠ ᠪᠢᠯᠡ᠃ ᠲᠠ ᠴᠤ ᠭᠡᠰᠡᠨ ᠭᠤᠱᠤᠭᠤᠨ ᠰᠤᠯᠠ ᠢᠳᠡᠭᠡᠨ ᠨᠢ ᠬᠦᠮᠦᠰ ᠤᠨ ᠡᠯᠢᠬᠡᠨ  ᠤ  ᠲᠠᠮᠢᠷ  ᠢ ᠲ᠋ᠤᠷᠤᠶᠢᠳᠠᠭᠤᠯᠵᠦ᠂ ᠨᠠᠷᠢᠨ ᠬᠡᠳᠡᠰᠦ ᠶᠢ ᠨᠢ ᠴᠤᠭᠤᠷᠠᠬᠤ ᠳᠤ ᠬᠦᠷᠭᠡᠵᠦ ᠪᠠᠶᠢᠨ᠎ᠠ ᠭᠡᠬᠦ ᠮᠡᠳᠦ ᠰᠦᠯᠵᠢᠶᠡᠨ ᠳᠡᠭᠡᠷᠡᠬᠢ  ᠬᠠᠮᠢᠶᠠᠲᠠᠢ‌ᠮᠡᠳᠡᠭᠡᠯᠡᠯ ᠢ ᠬᠠᠷᠠᠭᠰᠠᠨ ᠪᠠᠶᠢᠬ᠎ᠠ᠃ ᠲᠡᠭᠡᠪᠡᠯ ᠭᠤᠱᠤᠭᠤᠨ ᠰᠤᠯᠠ ᠢᠳᠡᠭᠡᠨ ᠨᠢ ᠨᠡᠭᠡᠷᠡᠨ ᠡᠶᠢᠮᠦ ᠠᠶᠤᠮᠰᠢᠭᠲᠠᠢ ᠭᠡᠵᠢ ᠤᠤ︖

ᠭᠤᠱᠤᠭᠤᠨ ᠰᠤᠯᠠ ᠢᠳᠡᠭᠡᠨ ᠤ ᠬᠦᠨᠦᠭᠡᠯ ᠨᠢ ᠦᠨᠡᠨ ᠳᠡᠭᠡᠨ ᠬᠠᠤᠯᠢ ᠪᠤᠰᠤ ᠪᠠᠷ ᠦᠢᠯᠡᠳᠪᠦᠷᠢᠯᠡᠵᠦ ᠪᠠᠶᠢᠭ᠎ᠠ ᠳ᠋ᠠᠭᠠᠨ‌‍ᠪᠤᠢ 

ᠭᠤᠱᠤᠭᠤᠨ ᠰᠤᠯᠠ ᠢᠳᠡᠭᠡᠨ ᠨᠢ ᠬᠡᠷᠡᠭ  ᠳᠡᠭᠡᠷ᠎ᠡ  ᠪᠠᠨ  ᠭᠤᠯᠢᠷ  ᠬᠦᠭᠡᠯᠭᠡᠬᠦ  ᠮᠠᠰᠢᠨ ᠤ  ᠦᠨᠳᠦᠷ  ᠳᠠᠷᠤᠴᠠ ᠵᠢ‌ ᠠᠰᠢᠭᠯᠠᠨ ᠪᠤᠯᠪᠠᠰᠤᠷᠠᠭᠤᠯᠤᠨ  ᠬᠡᠪᠰᠢᠭᠦᠯᠵᠦ᠂  ᠭᠤᠱᠤᠭᠤᠨ  ᠲᠤᠰᠤ  ᠪᠤᠯᠤᠨ  ᠢᠳᠡᠭᠡᠨ  ᠤ  ᠦᠨᠦᠷᠲᠦ  ᠡᠳ᠋  ᠵᠡᠷᠭᠡ  ᠪᠡᠷ‌ ᠨᠠᠶᠢᠷᠠᠭᠤᠯᠤᠨ ᠦᠢᠯᠡᠳᠪᠦᠷᠢᠯᠡᠭᠰᠡᠨ ᠭᠤᠯᠢᠷ ᠤᠨ ᠪᠦᠲᠦᠭᠡᠭᠳᠡᠭᠦᠨ ᠪᠤᠯᠤᠨ᠎ᠠ᠃

ᠬᠡᠷᠪᠡ ᠡᠨᠡ ᠨᠢ ᠲᠦᠷᠢᠮᠵᠢᠭᠰᠡᠨ ᠦᠢᠯᠡᠳᠪᠦᠷᠢ ᠠᠴᠠ ᠦᠢᠯᠡᠳᠪᠦᠷᠢᠯᠡᠭᠰᠡᠨ ᠪᠤᠯ ᠵᠤᠬᠢᠬᠤ  ᠬᠡᠮᠵᠢᠶᠡᠨ  ᠤ  ᠳᠣᠲᠣᠷ᠎ᠠ‌ ᠢᠳᠡᠬᠦ ᠳᠤ ᠡᠷᠡᠭᠦᠯ  ᠮᠡᠨᠳᠦ ᠳᠤ  ᠬᠤᠬᠢᠷᠠᠯ  ᠦᠭᠡᠢ  ᠶᠤᠮ᠃  ᠭᠡᠲᠡᠯ᠎ᠡ  ᠬᠡᠷᠪᠡ  ᠦᠢᠯᠡᠳᠪᠦᠷᠢ ᠶᠢᠨ  ᠨᠡᠷᠡᠶᠢᠳᠦᠯ  ᠦᠭᠡᠢ᠂ᠦᠢᠯᠡᠳᠪᠦᠷᠢ ᠶᠢᠨ ᠬᠠᠶᠠᠭ ᠦᠭᠡᠢ ᠪᠥᠭᠡᠳ ᠴᠢᠨᠠᠷ ᠤᠨ ᠭᠡᠷᠡᠴᠢᠯᠡᠭᠡ ᠦᠭᠡᠢ ᠦᠢᠯᠡᠳᠪᠦᠷᠢ ᠠᠴᠠ ᠢᠷᠡᠯᠲᠡᠢ ᠪᠤᠯ ᠡᠷᠡᠭᠦᠯ ᠮᠡᠨᠳᠦ‌‍  ᠳᠦ ᠳᠠᠯᠳᠠ ᠭᠡᠮ ᠠᠪᠴᠢᠷᠠᠵᠤ ᠮᠡᠳᠡᠨ᠎ᠡ᠃ ᠰᠤᠷᠭᠠᠭᠤᠯᠢ ᠶᠢᠨ ᠬᠠᠵᠠᠭᠤ ᠪᠠᠷ ᠬᠤᠳᠠᠯᠳᠤᠵᠤ  ᠪᠠᠶᠢᠭ᠎ᠠ  ᠭᠤᠱᠤᠭᠤᠨ ᠢᠳᠡᠭᠡᠨ ‍ᠦ‌ ᠤᠯᠠᠩᠬᠢ ᠨᠢ ᠡᠶᠢᠮᠦ ᠦᠢᠯᠡᠳᠪᠦᠷᠢ ᠠᠴᠠ ᠦᠢᠯᠡᠳᠪᠦᠷᠢᠯᠡᠵᠦ ᠪᠠᠶᠢᠭ᠎ᠠ ᠶᠤᠮ᠃

ᠹᠦᠵᠢᠶᠠᠨ ᠮᠤᠵᠢ ᠶᠢᠨ ᠨᠢᠭᠡᠨ ᠡᠷᠳᠡᠮᠲᠡᠨ ᠤ ᠬᠡᠯᠡᠬᠦ ᠪᠠᠷ᠂ ᠦᠪᠡᠷ ᠤᠨ  ᠦᠷᠲᠡᠭ ᠢ  ᠪᠠᠭᠤᠷᠠᠭᠤᠯᠬᠤ ᠶᠢᠨ  ᠲᠦᠯᠦᠭᠡ‌ᠡᠳᠡᠭᠡᠷ ᠵᠢᠵᠢᠭ ᠦᠢᠯᠡᠳᠪᠦᠷᠢ ᠨᠢ ᠴᠢᠨᠠᠷ ᠮᠠᠭᠤᠲᠠᠢ ᠲᠦᠭᠦᠬᠡᠢ  ᠡᠳ᠋ ᠢ  ᠬᠡᠷᠡᠭᠯᠡᠵᠦ᠂  ᠶᠡᠭᠡ  ᠬᠡᠮᠵᠢᠶᠡᠨ ᠤ  ᠨᠡᠮᠡᠯᠲᠡ  ᠡᠳ᠋   ᠢ ᠠᠰᠢᠭᠯᠠᠨ ᠠᠮᠲᠠᠲᠠᠢ ᠪᠣᠯᠭᠠᠵᠤ ᠪᠠᠶᠢᠭ᠎ᠠ ᠶᠤᠮ ᠭᠡᠵᠡᠢ᠃ ᠬᠡᠮᠵᠢᠶᠡᠨ ᠠᠴᠠ ᠪᠠᠨ ᠬᠡᠲᠦᠷᠡᠭᠰᠡᠨ ᠨᠡᠮᠡᠯᠲᠡ ᠡᠳ᠋  ᠢ ᠤᠬᠤᠷᠬᠠᠨ‌ᠬᠤᠭᠤᠴᠠᠭᠠᠨ ᠳᠤ ᠶᠡᠭᠡ ᠬᠡᠮᠵᠢᠶ᠎ᠡ ᠪᠠᠷ ᠢᠳᠡᠪᠡᠯ ᠡᠯᠢᠭᠡ ᠪᠤᠯᠤᠨ ᠮᠡᠳᠡᠷᠡᠯ ᠤᠨ ᠰᠢᠰᠲ᠋ᠧᠮ ᠢ ᠨᠦᠯᠦᠭᠡᠯᠡᠵᠦ᠂ ᠴᠢᠰᠤᠨ ᠤ ᠢᠯᠳᠠᠰᠤ‌ᠬᠠᠰᠤᠭᠳᠠᠵᠤ ᠲᠦᠷᠭᠡᠨ ᠴᠢᠨᠠᠷᠲᠠᠢ ᠴᠢᠰᠤ ᠠᠯᠳᠠᠬᠤ ᠪᠣᠯᠣᠮᠵᠢ ᠲᠠᠢ ᠪᠠᠶᠢᠳᠠᠭ᠃ ᠡᠭᠦᠨ ᠠᠴᠠ ᠭᠠᠳᠠᠨ᠎ᠠ᠂ ᠵᠢᠵᠢᠭ  ᠦᠢᠯᠡᠳᠪᠦᠷᠢ‌ ᠨᠢ ᠠᠷᠢᠭᠤᠨ ᠴᠡᠪᠡᠷ ᠤᠨ ᠲᠠᠯ᠎ᠠ ᠪᠠᠷ ᠴᠦ ᠪᠠᠲᠤᠯᠠᠭ᠎ᠠ ᠦᠭᠡᠢ ᠪᠠᠶᠢᠳᠠᠭ᠂ ᠡᠳᠡᠭᠡᠷ ᠠᠰᠠᠭᠤᠳᠠᠯ ᠨᠢ  ᠪᠦᠷ  ᠭᠤᠱᠤᠭᠤᠨ  ᠰᠤᠯᠠ‌ᠢᠳᠡᠭᠡᠨ ᠤ ᠠᠮᠦᠷ ᠲᠦᠪᠰᠢᠨ ᠤ ᠪᠠᠶᠢᠳᠠᠯ ᠢ ᠰᠢᠭᠤᠳ ᠨᠥᠯᠥᠭᠡᠯᠡᠵᠦ ᠪᠣᠢ᠃

ᠡᠯᠢᠭᠡᠨ ᠤ ᠲᠠᠮᠢᠷ ᠳᠣᠷᠣᠶᠢᠲᠠᠬᠤ᠂ ᠨᠠᠷᠢᠨ ᠭᠡᠳᠡᠰᠦ ᠴᠣᠭᠤᠷᠠᠬᠤ ᠵᠡᠷᠭᠡ ᠨᠢ ᠵᠦᠪᠬᠡᠨ  ᠭᠤᠱᠤᠭᠤᠨ  ᠢᠳᠡᠭᠡᠨ  ᠡᠴᠡ‌‍ᠪᠣᠯᠣᠭᠰᠠᠨ ᠭᠡᠵᠢ ᠤᠤ︖   

ᠬᠡᠳᠦᠶᠢᠪᠡᠷ ᠭᠤᠱᠤᠭᠤᠨ ᠢᠳᠡᠭᠡᠨ ᠳᠤ ᠤᠯᠠᠨ ᠠᠰᠠᠭᠤᠳᠠᠯ ᠤᠷᠤᠰᠢᠵᠦ ᠪᠠᠶᠢᠬᠤ  ᠪᠤᠯᠪᠠᠴᠤ  ᠡᠪᠡᠳᠴᠢᠨ  ᠪᠦᠬᠦᠨ ᠢ‌‍ᠲ᠋ᠡᠭᠦᠨ ᠳᠡᠭᠡᠷ᠎ᠡ ᠲᠤᠬᠤᠵᠤ ᠪᠤᠯᠬᠤ ᠦᠭᠡᠢ ᠶᠤᠮ᠃ ᠵᠠᠷᠢᠮ ᠮᠡᠳᠡᠭᠡᠨ  ᠳᠤ  ᠵᠢᠵᠢᠭ  ᠪᠠᠨᠳᠢ  ᠡᠳᠦᠷ ᠲᠤ  ᠭᠤᠷᠪᠠᠨ  ᠤᠭᠤᠲᠠ‌ᠭᠤᠱᠤᠭᠤᠨ ᠢᠳᠡᠭᠡᠨ ᠢᠳᠡᠵᠦ᠂ ᠡᠴᠦᠰ ᠲᠡᠭᠡᠨ ᠡᠯᠢᠭᠡᠨ ᠤ ᠲᠠᠮᠢᠷ ᠤᠨ ᠳᠤᠷᠤᠶᠢᠲᠠᠯ ᠳᠤ ᠬᠦᠷᠦᠯ᠎ᠡ︔ 24 ᠨᠠᠰᠤᠲᠠᠢ ᠤᠶᠤᠲᠠᠨ‌ᠭᠤᠱᠤᠭᠤᠨ ᠢᠳᠡᠭᠡᠨ ᠠᠴᠠ ᠪᠤᠯᠵᠤ ᠨᠠᠷᠢᠨ ᠭᠡᠳᠡᠰᠦ ᠨᠢ ᠴᠣᠭᠤᠷᠠᠯ᠎ᠠ︔ 11 ᠨᠠᠰᠤᠲᠠᠢ ᠦᠬᠢᠨ ᠭᠤᠱᠤᠭᠤᠨ ᠰᠤᠯᠠ ᠢᠳᠡᠭᠡᠨ‌ᠡᠴᠡ ᠪᠤᠯᠵᠤ᠂ ᠬᠤᠪᠤᠷ ᠲᠤᠬᠢᠶᠠᠯᠳᠤᠳᠠᠭ ᠺᠡᠷᠥᠨ ᠡᠪᠡᠳᠴᠢᠨ ᠳᠤ ᠨᠡᠷᠪᠡᠭᠳᠡᠯ᠎ᠡ᠁ ᠭᠡᠬᠦ ᠮᠡᠲᠦ ᠪᠠᠷ ᠲᠡᠮᠳᠡᠭᠯᠡᠭᠰᠡᠨ ᠪᠠᠶᠢᠯ᠎ᠠ᠃

ᠨᠠᠨᠵᠢᠩ ᠤᠨ ᠴᠡᠷᠢᠭ ᠤᠨ ᠲᠤᠭᠤᠷᠢᠭ ᠤᠨ ᠹᠦᠵᠸᠤ ᠳᠠᠬᠢ ᠶᠡᠷᠦᠩᠬᠡᠢ ᠡᠮᠨᠡᠯᠭᠡ ᠶᠢᠨ ᠬᠤᠷᠢᠶᠠᠨ ᠤ ᠡᠯᠢᠭᠡ ᠰᠥᠰᠥᠨ  ‍ᠥ‌‍ᠰᠠᠯᠠᠭᠠᠨ ᠤ ᠡᠮᠴᠢ ᠯᠢ ᠳ᠋ᠦᠩ ᠯᠢᠶᠠᠩ ᠬᠡᠯᠡᠬᠦ ᠳᠡᠭᠡᠨ᠂ ᠤᠷᠲᠤ ᠬᠤᠭᠤᠴᠠᠭ᠎ᠠ ᠪᠠᠷ  ᠶᠡᠭᠡ  ᠬᠡᠮᠵᠢᠶᠡᠨ  ᠤ  ᠭᠤᠱᠤᠭᠤᠨ  ᠰᠤᠯᠠ‌ᠢᠳᠡᠭᠡᠨ ᠢᠳᠡᠬᠦ ᠨᠢ ᠬᠦᠮᠦᠨ ᠤ ᠡᠯᠢᠭᠡ ᠶᠢ ᠨᠦᠯᠦᠭᠡᠯᠡᠬᠦ ᠪᠤᠯᠪᠠᠴᠤ᠂ ᠡᠨᠡ ᠨᠢ ᠯᠡᠪᠲᠠᠢ ᠡᠯᠢᠭᠡᠨ ᠤ ᠲᠠᠮᠢᠷ ᠢ  ᠳᠣᠷᠣᠶᠢᠲᠠᠭᠤᠯᠤᠨ᠎ᠠ‌‍ᠭᠡᠰᠡᠨ ᠪᠠᠷᠢᠮᠲᠠ ᠠᠯᠠᠭ᠎ᠠ ᠭᠡᠵᠡᠢ᠃               

ᠭᠡᠬᠦ ᠳᠡᠭᠡᠨ ᠭᠤᠱᠤᠭᠤᠨ ᠰᠤᠯᠠ ᠢᠳᠡᠭᠡᠨ ᠢ ᠳᠤᠷ᠎ᠠ ᠪᠠᠷ ᠢᠳᠡᠵᠦ ᠪᠤᠯᠤᠨ᠎ᠠ ᠭᠡᠰᠡᠨ ᠪᠢᠰᠢ᠃ ᠭᠤᠱᠤᠭᠤᠨ ᠰᠤᠯᠠ‌ ᠢᠳᠡᠭᠡᠨ ᠤ ᠰᠢᠬᠢᠷ᠂ ᠲᠤᠰᠤ᠂ ᠳᠠᠪᠤᠰᠤᠨ ᠤ ᠠᠭᠤᠯᠤᠭᠳᠠᠴᠠ ᠦᠨᠳᠦᠷ ᠪᠤᠯᠬᠤᠷ᠂ ᠶᠡᠭᠡ ᠬᠡᠮᠵᠢᠶ᠎ᠡ  ᠪᠠᠷ  ᠢᠳᠡᠪᠡᠯ  ᠴᠢᠰᠤᠨ ‍ᠤ‌‍ᠲ᠋ᠠᠷᠤᠯᠲᠠ ᠦᠨᠳᠦᠷᠵᠢᠵᠤ᠂ ᠵᠢᠷᠤᠬᠡᠨ ᠤ ᠡᠪᠡᠳᠴᠢᠨ ᠳᠤ ᠨᠡᠷᠪᠡᠭᠳᠡᠬᠦ ᠠᠶᠤᠯ ᠲᠠᠢ ᠶᠤᠮ᠃ ᠡᠶᠢᠮᠦ ᠠᠴᠠ ᠡᠷᠡᠭᠦᠯ ᠮᠡᠨᠳᠦ ᠵᠢᠨ‌ᠡᠭᠦᠳᠡᠨ ᠠᠴᠠ ᠡᠭᠦᠰᠴᠦ᠂  ᠭᠤᠱᠤᠭᠤᠨ ᠰᠤᠯᠠ ᠢᠳᠡᠭᠡᠨ ᠢ ᠢᠳᠡᠬᠦ  ᠠᠴᠠ  ᠲᠠᠲᠠᠭᠠᠯᠵᠠᠭᠠᠷᠠᠢ᠂ ᠬᠡᠷᠪᠡ ᠢᠳᠡᠪᠡᠯ ᠲᠣᠮᠣ‌ ᠦᠢᠯᠡᠳᠪᠦᠷᠢ ᠶᠢᠨ ᠦᠢᠯᠡᠳᠪᠦᠷᠢᠯᠡᠭᠰᠡᠨ ᠪᠦᠲᠦᠭᠡᠭᠳᠡᠬᠦᠨ ᠢ ᠠᠪᠴᠤ ᠪᠠᠶᠢᠭᠠᠷᠠᠢ ᠭᠡᠵᠦ ᠪᠦᠬᠦ ᠬᠦᠮᠦᠰ᠂ ᠤᠨᠴᠠᠭᠠᠶᠢᠯᠠᠨ ᠦᠰᠬᠦ‍‌ ᠨᠠᠰᠤᠨ ᠤ ᠬᠡᠤᠬᠡᠳ ᠤᠳ ᠲᠤ ᠰᠠᠨᠠᠭᠤᠯᠤᠶ᠎ᠠ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ