012de9c8-b709-409c-bacd-aaf087721bae.jpg

9 ᠰᠠᠷ᠎ᠠ ᠶᠢᠨ 7 ᠤ  ᠡᠳᠦᠷ᠂  ᠪᠥᠬᠦᠳᠡ  ᠨᠠᠶᠢᠷᠠᠮᠳᠠᠬᠤ  ᠳᠤᠮᠳᠠᠳᠤ  ᠠᠷᠠᠳ  ᠤᠯᠤᠰ ᠤᠨ ᠠᠷᠪᠠᠨ‌ᠨᠢᠭᠡᠳᠦᠭᠡᠷ ᠬᠤᠭᠤᠴᠠᠭᠠᠨ ᠤ ᠴᠥᠭᠡᠨ ᠲᠣᠭᠠᠲᠤ ᠦᠨᠳᠦᠰᠦᠲᠡᠨ ᠤ ᠤᠯᠠᠮᠵᠢᠯᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠤ  ᠭᠠᠯ‌‍ᠪᠠᠮᠪᠠᠷ ᠢ ᠲᠤᠬᠠᠢ ᠶᠢᠨ ᠬᠤᠳᠠ ᠳᠤ ᠳᠠᠮᠵᠢᠭᠤᠯᠬᠤ ᠠᠵᠢᠯᠯᠠᠭ᠎ᠠ ᠵᠧᠩᠵᠧᠦ ᠳᠤ ᠲᠡᠭᠦᠰ ᠠᠮᠵᠢᠯᠲᠠ ᠲᠠᠢ ᠶᠠᠪᠤᠭᠳᠠᠪᠠ᠃ 

ᠲᠣᠰ ᠤᠳᠠᠭ᠎ᠠ ᠶᠢᠨ ᠳᠠᠮᠵᠢᠭᠤᠯᠭ᠎ᠠ ᠳᠤ 123 ᠭᠠᠯ ᠪᠠᠮᠪᠠᠷᠴᠢᠨ ᠣᠷᠣᠯᠴᠠᠵᠠᠢ᠂ ᠡᠭᠦᠨ  ᠳᠤ  ᠪᠦᠬᠦ  ᠤᠯᠤᠰ ‍ᠤᠨ‌ᠦᠨᠳᠦᠰᠦᠲᠡᠨ ᠨᠦᠭᠦᠳ ᠤᠨ 56 ᠲᠥᠯᠥᠭᠡᠯᠡᠭᠴᠢ ᠪᠠ ᠾᠧᠨᠠᠨ ᠮᠣᠵᠢ᠂ ᠵᠧᠩᠵᠧᠦ ᠬᠤᠲᠠ ᠶᠢᠨ ᠡᠯ᠎ᠡ ᠡᠲᠡᠭᠡᠳ  ᠤᠨ  67 ᠰᠢᠯᠢᠳᠡᠭ  ᠲᠥᠯᠥᠭᠡᠯᠡᠭᠴᠢ  ᠪᠠᠭᠲᠠᠨ᠎ᠠ᠃  ᠦᠨᠳᠦᠰᠦᠲᠡᠨ  ᠤ  ᠲᠥᠯᠥᠭᠡᠯᠡᠭᠴᠢ  ᠪᠣᠯᠤᠨ ᠡᠯ᠎ᠡ  ᠡᠲᠡᠭᠡᠳ  ᠤᠨ ᠰᠢᠯᠢᠳᠡᠭ‌‍ ᠲ᠋ᠥ᠋ᠯᠥᠭᠡᠯᠡᠭᠴᠢ ᠭᠠᠯ ᠪᠠᠮᠪᠠᠷ ᠢ ᠰᠣᠯᠪᠢᠴᠠᠨ  ᠳᠠᠮᠵᠢᠭᠤᠯᠵᠤ᠂ 56 ᠦᠨᠳᠦᠰᠦᠲᠡᠨ ᠠᠨᠠᠷ ᠤᠨ ᠦᠷ᠎ᠡ ᠰᠢᠭ  ᠨᠢᠭᠲᠠᠷᠠᠨ‌‍ ᠪᠦ᠋ᠯᠬᠦᠮᠳᠡᠵᠦ᠂ ᠰᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ 70 ᠵᠢᠯ ᠤᠨ ᠣᠢ ᠶᠢ ᠬᠠᠮᠲᠤ  ᠪᠠᠷ  ᠪᠡᠯᠭᠡᠯᠡᠵᠦ  ᠪᠠᠶᠢᠬᠤ ᠪᠠᠨ‌ ᠢᠯᠡᠳᠬᠡᠵᠡᠢ᠃

ad6f1996-7b16-4066-a2f4-2f9ba3534445.jpg

cc28a8ff-b7bc-4ae4-afed-fe446a4249bd.jpg

ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ