b9c3f898-347c-4826-978f-9b43974705d3.jpg

— ᠬᠤᠶᠠᠳᠤᠭᠠᠷ ᠬᠤᠭᠤᠴᠠᠭᠠᠨ ᠤ ᠲᠤᠮᠳᠠᠳᠤ ᠤᠯᠤᠰ ᠤᠨ ᠠᠳᠤᠭᠤᠨ ᠰᠤᠶᠤᠯ ᠤᠨ ᠨᠠᠶᠢᠷ ᠵᠢᠴᠢ ᠠᠩᠬᠠᠳᠤᠭᠠᠷ ᠬᠤᠭᠤᠴᠠᠭᠠᠨ ᠤ ᠥᠪᠥᠷ ᠮᠤᠩᠭᠤᠯ ᠤᠨ ᠤᠯᠠᠨ ᠤᠯᠤᠰ ᠤᠨ ᠠᠳᠤᠭᠤᠨ ᠰᠤᠶᠤᠯ ᠤᠨ ᠴᠤᠬᠯᠠᠭᠠᠨ ᠤ ᠮᠤᠷᠢᠨ ᠤᠷᠤᠯᠳᠤᠭᠠᠨ ᠤ ᠲᠤᠬᠠᠢ ᠰᠢᠷᠪᠢᠯᠳᠠ


ᠨᠠᠶᠢᠷᠰᠠᠬ ᠨᠠᠢᠮᠠᠨ ᠰᠠᠷ᠎ᠠ ᠬᠥᠬᠡᠬᠤᠳᠠ ᠶᠢᠨ ᠬᠥᠭᠡᠳᠠᠯ᠎ᠠ ᠵᠤᠰᠠᠯᠠᠩ ᠤᠨ ᠭᠠᠵᠠᠷ ᠠᠳᠤᠭᠤᠨ ᠤ ᠬᠡᠰᠢᠭ ᠬᠤᠷᠦ᠋ᠢᠯᠠᠨ ᠲᠠᠩᠰᠤᠬ ᠨᠠᠮᠤᠷ ᠤᠨ ᠪᠡᠶᠡᠷ ᠬᠥᠷ ᠢᠶᠠᠷ ᠪᠢᠯᠬᠠᠵᠥ ᠨᠠᠯᠠᠭᠠᠷᠰᠢᠨ᠎ᠠ᠃ 8 ᠰᠠᠷ᠎ᠠ ᠶᠢᠨ 18 ᠤ ᠡᠳᠤᠷ ᠠᠴᠠ ᠡᠬᠢᠯᠡᠨ ᠬᠤᠶᠠᠳᠤᠭᠠᠷ ᠬᠤᠭᠤᠴᠠᠭᠠᠨ ᠤ ᠲᠤᠮᠳᠠᠳᠤ ᠤᠯᠤᠰ ᠤᠨ ᠠᠳᠤᠭᠤᠨ ᠰᠤᠶᠤᠯ ᠤᠨ ᠨᠠᠶᠢᠷ ᠵᠢᠴᠢ ᠠᠩᠬᠠᠳᠤᠭᠠᠷ ᠬᠤᠭᠤᠴᠠᠭᠠᠨ ᠤ ᠥᠪᠥᠷ ᠮᠤᠩᠭᠤᠯ ᠤᠨ ᠤᠯᠠᠨ ᠤᠯᠤᠰ ᠤᠨ ᠠᠳᠤᠭᠤᠨ ᠰᠤᠶᠤᠯ ᠤᠨ ᠴᠤᠬᠯᠠᠭᠠᠨ ᠤ ᠮᠤᠷᠢᠨ ᠤᠷᠤᠯᠳᠤᠭᠠᠨ ᠥᠪᠥᠷ ᠮᠤᠩᠭᠤᠯ ᠤᠨ ᠴᠥᠭᠡᠨ ᠲᠤᠭᠠᠳᠤ ᠥᠨᠳᠤᠰᠤᠳᠠᠨ ᠤ ᠤᠯᠠᠨ ᠲᠥᠮᠡᠨᠴᠢ ᠰᠤᠶᠤᠯ ᠪᠠᠶ᠎ᠠ ᠶᠢᠨ ᠲᠠᠮᠢᠷ ᠤᠨ ᠬᠥᠳᠡᠯᠭᠡᠭᠡᠨ ᠤ ᠲᠥᠪ ᠲᠤ ᠥᠪᠡᠳᠡᠭᠰᠢ ᠶᠡᠭᠡ ᠪᠠᠷ ᠶᠠᠪᠤᠬᠳᠠᠵᠥ᠂ ᠬᠤᠯᠠ ᠥᠢᠷ᠎ᠠ ᠠᠴᠠ ᠬᠥᠷᠥᠯᠴᠠᠨ ᠢᠷᠡᠭᠰᠡᠨ ᠬᠤᠷᠳᠤᠨ ᠬᠥᠯᠥᠭ ᠤᠳ     《ᠵᠢᠬᠦᠷ》  ᠢᠶᠠᠨ ᠲᠡᠯᠭᠡᠨ ᠬᠤᠷᠳᠤ ᠪᠠᠨ ᠰᠢᠯᠭᠠᠵᠠᠢ᠃ ᠰᠤᠷᠪᠤᠯᠵᠢᠯᠠᠬᠴᠢ ᠪᠥᠬᠦ ᠤᠷᠤᠯᠳᠤᠭᠠᠨ ᠢ ᠬᠠᠪᠢᠳᠠᠨ ᠰᠤᠷᠪᠤᠯᠵᠢᠯᠠᠬᠤ ᠵᠠᠭᠤᠷ᠎ᠠ ᠤᠷᠤᠯᠳᠤᠭᠠᠨ ᠤ ᠲᠤᠬᠠᠢ ᠲᠠᠭᠠᠷᠠᠯᠳᠤᠬᠰᠠᠨ ᠵᠤᠭᠠᠳᠤ ᠵᠦᠢᠯᠡᠰ ᠢ ᠠᠳᠠ ᠲᠡᠮᠳᠡᠭᠯᠡᠨ ᠤᠡᠭᠰᠢᠬᠴᠢᠳ ᠲᠠᠭᠠᠨ ᠲᠤᠯᠢᠳᠠᠭᠤᠯᠬᠤ ᠶᠢ ᠵᠤᠷᠢᠪᠠ᠃

ᠤᠨᠤᠭᠠᠨ ᠤ ᠪᠠᠨ ᠬᠥᠴᠥ ᠶᠢ ᠨᠢ ᠬᠠᠳᠠᠭᠠᠯᠠᠬᠰᠠᠨ ᠳᠠᠭᠠᠨ ᠁

— ᠤᠷᠤᠯᠳᠤᠭᠠᠨ ᠤ ᠮᠤᠷᠢᠨ ᠤ ᠬᠠᠭᠠᠴᠠ ᠶᠢᠨ ᠬᠠᠭᠠᠯᠭ᠎ᠠ ᠳᠡᠰ ᠭᠡᠵᠥ ᠨᠡᠬᠡᠭᠡᠭᠳᠡᠬᠦ ᠭᠱᠠᠨ᠎ᠠ ᠪᠢ ᠲᠤᠩ ᠰᠠᠨᠳᠤᠷᠤᠨ ᠮᠤᠷᠢᠨ ᠳᠠᠭᠠᠨ ᠲᠠᠰᠢᠭᠤᠷ ᠨᠡᠮᠡᠨ ᠲᠥᠷᠥᠬᠦᠨ ᠳᠤ ᠲᠤᠪᠳᠤᠯᠬᠤ ᠶᠢ ᠪᠤᠳᠤᠬᠰᠠᠨ ᠶᠤᠮ᠂ ᠬᠡᠪᠡᠴᠤ ᠥᠢᠷ᠎ᠠ ᠵᠠᠢ ᠶᠢᠨ ᠬᠤᠷᠳᠤᠨ ᠮᠤᠷᠢᠨ ᠤ ᠤᠷᠤᠯᠳᠤᠭᠠᠨ ᠳᠤ ᠴᠤ ᠮᠤᠷᠢᠨ ᠤ ᠬᠥᠴᠥ ᠶᠢ ᠬᠠᠳᠠᠭᠠᠯᠠᠬᠤ ᠴᠢᠬᠤᠯᠠ ᠲᠠᠢ ᠬᠡᠰᠡᠨ ᠲᠠᠰᠬᠠᠯᠵᠢᠭᠤᠯᠤᠬᠴᠢ ᠶᠢᠨ ᠵᠠᠬᠢᠶ᠎ᠠ ᠶᠢ ᠪᠠᠳᠤ ᠴᠢᠭᠡᠵᠢᠯᠡᠨ᠂ ᠲᠥᠷᠥᠬᠦᠥ 600 ᠮᠧᠲᠷ ᠲᠤ ᠤᠨᠤᠭᠠᠨ ᠤ ᠪᠠᠨ ᠬᠥᠴᠥ ᠶᠢ ᠬᠠᠳᠠᠭᠠᠯᠠᠨ ᠤᠷᠤᠯᠳᠤᠭᠠᠨ ᠤ ᠮᠤᠷᠢᠳ ᠤᠨ ᠲᠤᠮᠳᠠ ᠬᠡᠰᠡᠭ ᠢᠶᠠᠷ ᠬᠥᠶᠥᠯᠬᠡᠵᠥ᠂ ᠰᠡᠬᠦᠯ ᠤᠨ 600 ᠮᠧᠲᠷ ᠲᠤ ᠬᠤᠷᠳᠤ ᠪᠠᠨ ᠨᠠᠮᠠᠨ ᠲᠥᠷᠭᠡᠯᠡᠭᠰᠡᠨ ᠠᠴᠠ ᠡᠴᠤᠰ ᠤᠨ ᠱᠤᠭᠤᠮ ᠤᠨ ᠰᠢᠪᠳᠤᠯᠤᠯᠳᠠ ᠳᠤ ᠪᠤᠰᠤᠳ ᠤᠷᠤᠯᠳᠤᠭᠠᠨ ᠤ ᠮᠤᠷᠢᠳ ᠢ ᠲᠠᠪᠠᠨ ᠲᠥᠷᠥᠬᠦᠨ ᠱᠠᠩ ᠢ ᠲᠤᠰᠤᠯ᠎ᠠ᠃ ᠤᠨᠤᠭᠠᠨ ᠤ ᠪᠠᠨ ᠬᠥᠴᠥ ᠶᠢ ᠨᠢ ᠬᠠᠳᠠᠭᠠᠯᠠᠬᠰᠠᠨ ᠳᠠᠭᠠᠨ ᠪᠤᠯᠵᠠᠢ ᠬᠡᠵᠥ ᠤᠨᠤᠭᠠᠴᠢᠨ ᠱᠤᠸᠠᠩ ᠶᠢᠩ ᠤᠷᠤᠯᠳᠤᠭᠠᠨ ᠤ ᠱᠠᠩ ᠲᠤᠰᠬᠤ ᠵᠠᠭᠤᠷ᠎ᠠ ᠪᠠᠶᠠᠷ ᠵᠢᠷᠭᠠᠯ ᠢᠶᠠᠨ ᠲᠡᠯᠭᠡᠨ᠎ᠠ᠃

8 ᠰᠠᠷ᠎ᠠ ᠶᠢᠨ 19 ᠤ ᠥᠳᠡ ᠶᠢᠨ ᠬᠤᠶᠢᠨ᠎ᠠ᠂ ᠥᠪᠥᠷ ᠮᠤᠩᠭᠤᠯ ᠤᠨ ᠬᠤᠷᠳᠤᠨ ᠮᠤᠷᠢᠨ ᠤ ᠱᠠᠩᠨᠠᠯᠳᠤ ᠤᠷᠤᠯᠳᠤᠭᠠᠡ ᠢᠳᠡ ᠬᠥᠭ ᠲᠠᠢ ᠶᠠᠪᠤᠬᠳᠠᠪᠠ᠃ ᠲᠤᠰ ᠤᠳᠠᠭ᠎ᠠ ᠶᠢᠨ ᠤᠷᠤᠯᠳᠤᠭᠠᠨ ᠳᠤ ᠪᠦᠳᠦᠭᠦᠨ ᠮᠤᠷᠢᠨ ᠤ 1200 ᠮᠧᠲᠷ ᠤᠨ ᠤᠷᠤᠯᠳᠤᠭᠠᠨ᠂ ᠰᠢᠳᠤᠯᠠᠩ ᠮᠤᠷᠢᠨ ᠤ 1000 ᠮᠧᠲᠷ ᠤᠨ ᠤᠷᠤᠯᠳᠤᠭᠠᠨ᠂ ᠲᠠᠭ᠎ᠠ ᠮᠤᠷᠢᠨ ᠤ 1000 ᠮᠧᠲᠷ ᠤᠨ ᠤᠷᠤᠯᠳᠤᠭᠠᠨ ᠪᠠ ᠪᠦᠳᠦᠭᠦᠨ ᠮᠤᠷᠢᠨ ᠤ 1000 ᠮᠧᠲᠷ ᠤᠨ ᠤᠷᠤᠯᠳᠤᠭᠠᠨ ᠲᠤᠰ ᠲᠤᠰ ᠶᠠᠪᠤᠬᠳᠠᠵᠤ᠂ ᠨᠠᠶᠢᠳᠠ 40 ᠮᠤᠷᠢ ᠤᠷᠤᠯᠴᠠᠨ ᠡᠯ᠎ᠠ ᠠᠳᠠᠯᠢ ᠪᠤᠰᠤ ᠲᠡᠰ ᠤᠨ ᠲᠤᠭᠤᠢᠢᠯᠠᠩ ᠤᠨ ᠤᠷᠤᠯᠳᠤᠭᠠᠨ ᠳᠤ ᠬᠤᠷᠳᠤᠴᠠ ᠪᠠᠨ ᠰᠢᠯᠭᠠᠪᠠ᠃ ᠡᠬᠦᠨ ᠳᠤ ᠪᠦᠳᠦᠭᠦᠨ ᠮᠤᠷᠢᠨ ᠤ 1200 ᠮᠧᠲᠷ ᠤᠨ ᠤᠷᠤᠯᠳᠤᠭᠠᠨ ᠪᠠ 1000 ᠮᠧᠲᠷ ᠤᠨ ᠤᠷᠤᠯᠳᠤᠭᠠᠨ ᠳᠤ ᠥᠪᠥᠷ ᠮᠤᠩᠭᠤᠯ ᠤᠨ ᠮᠸᠡᠭ ᠵᠢᠶᠦ᠋ᠨ ᠤᠯᠠᠨ ᠤᠯᠤᠰ ᠤᠨ ᠠᠳᠤᠭᠤᠨ ᠤ ᠠᠵᠤ ᠥᠢᠯᠡᠰ ᠤᠨ ᠬᠢᠵᠠᠭᠠᠷᠳᠤ ᠺᠤᠮᠫᠠᠨᠢ ᠶᠢᠨ ᠲᠥᠯᠥᠭᠡᠯᠡᠭᠴᠢ ᠶᠢᠨ ᠠᠩᠭᠢ ᠶᠢᠨ ᠤᠨᠤᠭᠠᠴᠢᠨ᠂ ᠲᠦᠩᠯᠢᠶᠤᠤ ᠬᠤᠲᠠ ᠠᠴᠠ ᠢᠷᠡᠭᠰᠡᠨ ᠮᠤᠩᠭᠤᠯ ᠵᠠᠯᠠᠭᠤ ᠱᠤᠸᠠᠩ ᠶᠢᠩ ᠤᠨ 《ᠨᠤᠶᠠᠨ ᠰᠤᠷᠳᠤᠭᠤ》  ᠮᠤᠷᠢ ᠪᠠ 《ᠢᠷᠡᠭᠤ ᠠᠯᠳᠠᠷ ᠤᠨ ᠡᠵᠡᠨ》  ᠮᠤᠷᠢ ᠲᠥᠷᠥᠬᠦᠯᠡᠵᠥ᠂ ᠰᠢᠳᠤᠯᠠᠩ ᠮᠤᠷᠢᠨ ᠤ 1000 ᠮᠧᠲᠷ ᠤᠨ ᠤᠷᠤᠯᠳᠤᠭᠠᠨ ᠳᠤ ᠮᠥᠭᠳᠡᠨ ᠤ ᠪᠥᠸᠧ ᠰᠢᠨ ᠠᠳᠤᠭᠤᠨ ᠤ ᠥᠢᠯᠡᠰ ᠤᠨ ᠲᠥᠯᠥᠭᠡᠯᠡᠭᠴᠢ ᠶᠢᠨ ᠠᠩᠭᠢ ᠶᠢᠨ ᠤᠨᠤᠭᠠᠴᠢᠨ ᠬᠢᠴᠢᠶᠠᠯᠳᠤ ᠶᠢᠨ 《ᠭᠤᠸ᠎ᠠ ᠪᠡᠴᠢᠨ ᠸᠠᠩ》  ᠮᠤᠷᠢ ᠲᠥᠷᠥᠬᠦᠯᠡᠵᠥ᠂ ᠲᠠᠭ᠎ᠠ ᠮᠤᠷᠢᠨ ᠤ 1000 ᠮᠧᠲᠷ ᠤᠨ ᠤᠷᠤᠯᠳᠤᠭᠠᠨ ᠳᠤ ᠶᠥᠨᠨᠡᠨ ᠮᠤᠵᠢ ᠶᠢᠨ ᠮᠤᠷᠢᠨ ᠮᠡᠷᠭᠡᠵᠢᠯ ᠤᠨ ᠨᠡᠶᠢᠭᠡᠮᠯᠢᠭ ᠤᠨ ᠤᠨᠤᠭᠠᠴᠢᠨ ᠾᠧ ᠰᠢᠶᠠᠨ ᠹᠸᠢ ᠶᠢᠨ 《ᠭᠠᠪᠰᠢᠭᠠᠢ》  ᠮᠤᠷᠢ ᠲᠥᠷᠥᠬᠦᠯᠡᠪᠠ᠃

ᠦᠪᠦᠷ ᠮᠤᠩᠭᠤᠯ ᠤᠨ ᠮᠤᠷᠢᠨ ᠤᠷᠤᠯᠳᠤᠭᠠᠨ ᠪᠤᠯ ᠪᠦᠬᠦ ᠤᠯᠤᠰ ᠲᠤ ᠳᠡᠬᠡᠬᠦᠷ ᠪᠠᠶᠢᠷᠢᠯᠠᠬᠤ ᠳᠠᠪᠠᠭᠤᠯᠢᠭ ᠳᠦᠷᠦᠯ ᠵᠦᠢᠯ ᠪᠤᠯᠬᠤ ᠶᠤᠮ᠃ ᠡᠨᠡ ᠤᠳᠠᠭᠠᠨ ᠤ ᠤᠷᠤᠯᠳᠤᠭᠠᠨ ᠳᠤ ᠦᠪᠦᠷ ᠮᠤᠩᠭᠤᠯ ᠵᠢᠴᠢ ᠤᠯᠤᠰ ᠤᠨ ᠳᠤᠳᠤᠭᠠᠳᠦ ᠭᠠᠳᠠᠭᠠᠳᠦ ᠶᠢᠨ ᠠᠳᠤᠭᠤᠨ ᠤ ᠦᠢᠯᠡᠰ ᠤᠨ ᠺᠤᠮᠫᠠᠨᠢ ᠪᠦᠯᠦᠭᠯᠡᠯ ᠨᠡᠶᠢᠬᠡᠮᠯᠢᠭ ᠴᠤᠭᠯᠠᠷᠡᠵᠦ᠂ ᠠᠯᠢ ᠤᠯᠠᠨ ᠰᠠᠶᠢᠨ ᠤᠨᠤᠭᠠᠴᠢ ᠤᠶᠠᠭᠠᠴᠢ ᠳᠤᠷᠰᠢᠯᠭ᠎ᠠ ᠪᠠᠨ ᠰᠤᠯᠢᠯᠴᠠᠵᠦ᠂ ᠦᠡᠭᠬᠡ ᠲᠠᠢ ᠬᠤᠷᠳᠦ ᠲᠠᠢ ᠮᠤᠷᠢᠳ ᠬᠦᠮᠦᠰ ᠤᠨ ᠬᠠᠷᠠᠭ᠎ᠠ ᠶᠢ ᠪᠠᠶᠠᠰᠬᠠᠵᠦ ᠪᠢᠯᠡ᠃

    ᠬᠢᠯᠢ ᠲᠠᠪᠠᠨ ᠢᠷᠡᠵᠥ ᠰᠤᠨᠢᠷᠬᠠᠬᠰᠠᠨ ᠳᠠᠭᠠᠨ ᠁

— ᠠᠩᠬᠠᠳᠤᠭᠠᠷ ᠬᠤᠭᠤᠴᠠᠭᠠᠨ ᠤ ᠥᠪᠥᠷ ᠮᠤᠩᠭᠤᠯ ᠤᠨ ᠤᠯᠠᠨ ᠤᠯᠤᠰ ᠤᠨ ᠠᠳᠤᠭᠤᠨ ᠰᠤᠶᠤᠯ ᠤᠨ ᠴᠤᠬᠯᠠᠭᠠᠨ ᠤ ᠮᠤᠷᠢᠨ ᠤᠷᠤᠯᠳᠤᠭᠠᠨ ᠵᠠᠪᠤᠬᠳᠠᠬᠤ ᠪᠠᠶᠠᠷ ᠤᠨ ᠴᠢᠮᠡᠭᠡ ᠪᠠᠷ ᠪᠢᠳᠠ ᠲᠤᠰᠬᠠᠢᠢᠯᠠᠨ ᠤᠷᠤᠯᠳᠤᠭᠠᠨ ᠢ ᠰᠤᠨᠢᠷᠬᠠᠬᠤ ᠶᠢᠨ ᠬᠠᠮᠳᠤ ᠰᠤᠷᠪᠤᠯᠵᠢᠯᠠᠨ ᠮᠡᠳᠡᠭᠡᠯᠡᠬᠦ ᠪᠠᠷ ᠬᠢᠯᠢ ᠲᠠᠪᠠᠵᠥ ᠢᠷᠡᠭᠰᠡᠨ ᠶᠤᠮ᠃ ᠤᠷᠤᠯᠳᠤᠭᠠᠨ ᠤ ᠲᠥᠪᠰᠢᠨ ᠥᠨᠳᠤᠷ᠂ ᠲᠠᠯᠠᠪᠠᠢ ᠶᠢ ᠠᠭᠤᠵᠢᠭᠤ ᠲᠠᠯᠪᠢᠭᠤ ᠪᠥᠳᠥᠭᠡᠨ ᠪᠠᠶᠢᠭᠤᠯᠤᠬᠰᠠᠨ ᠢ ᠬᠠᠷᠠᠭᠠᠳ ᠮᠠᠰᠢ ᠭᠠᠶᠢᠬᠠᠬᠰᠠᠨ᠃ ᠮᠤᠷᠢᠨ ᠤ ᠲᠠᠮᠢᠷ ᠤᠨ ᠬᠦᠳᠡᠯᠭᠡᠭᠡᠨ ᠢ ᠢᠡᠭᠬᠢᠵᠦ ᠦᠷᠬᠡᠨ ᠳᠡᠯᠬᠡᠷ᠂ ᠦᠷ᠎ᠠ ᠦᠭᠬᠦᠬᠡᠵᠢ ᠲᠠᠢ ᠰᠠᠶᠢᠬᠠᠨ ᠬᠢᠵᠦ ᠪᠤᠯᠳᠠᠭ ᠢ ᠰᠤᠷᠴᠦ ᠮᠡᠳᠡᠯ᠎ᠠ᠃ ᠪᠠᠰᠠ ᠤᠯᠠᠨ ᠤᠯᠤᠰ ᠤᠨ ᠬᠡᠮᠵᠢᠶᠡᠨ ᠤ ᠳᠤᠮᠤᠬᠠᠨ ᠦᠢᠯᠡ ᠠᠵᠢᠯᠯᠠᠭ᠎ᠠ ᠪᠤᠯᠤᠭᠰᠠᠨ ᠤ ᠬᠤᠪᠢ ᠳᠤ ᠮᠤᠩᠭᠤᠯ ᠮᠤᠷᠢ ᠪᠠᠨ ᠳᠡᠯᠬᠡᠷᠡᠩᠬᠦᠢ ᠰᠤᠷᠳᠠᠯᠴᠢᠯᠠᠵᠦ ᠴᠢᠳᠠᠯ᠎ᠠ᠂ ᠮᠤᠩᠭᠤᠯ ᠮᠤᠷᠢᠨ ᠤ ᠵᠤᠷᠢᠭ ᠰᠠᠨᠠᠭ᠎ᠠ ᠶᠢ ᠴᠤ ᠬᠦᠨᠵᠡᠬᠡᠢ ᠪᠠᠳᠠᠷᠠᠭᠤᠯᠵᠦ ᠴᠢᠳᠠᠯ᠎ᠠ ᠬᠡᠵᠦ ᠪᠤᠳᠤᠵᠦ ᠪᠠᠶᠢᠨ᠎ᠠ ᠬᠡᠵᠥ ᠴᠤᠭᠯᠠᠭᠠᠨ ᠳᠤ ᠤᠷᠢᠯᠭ᠎ᠠ ᠪᠠᠷ ᠢᠷᠡᠭᠰᠡᠨ ᠮᠤᠩᠭᠤᠯ ᠤᠯᠤᠰ ᠤᠨ ᠮᠤᠷᠢᠨ ᠰᠫᠥᠷᠲ ᠤᠶᠠᠭᠠᠴᠢᠳ ᠤᠨ ᠬᠤᠯᠪᠤᠭ᠎ᠠ ᠶᠢᠨ ᠳᠡᠳ᠋ ᠶᠡᠷᠦᠩᠬᠡᠶᠢᠯᠡᠭᠴᠢ ᠫᠦᠷᠪᠤᠪᠠᠭᠠᠳᠤᠷ ᠰᠡᠳᠬᠢᠭᠳᠡᠯ ᠢᠶᠠᠨ ᠬᠤᠪᠢᠶᠠᠯᠴᠠᠯ᠎ᠠ᠃

ᠫᠦᠷᠪᠤᠪᠠᠭᠠᠳᠤᠷ ᠪᠠᠰᠠ ᠮᠤᠩᠭᠤᠯ ᠤᠯᠤᠰ ᠤᠨ 《ᠰᠤᠳᠤ ᠮᠠᠩᠯᠠᠢ ᠤᠶᠠᠭᠠᠴᠢᠨ》  ᠬᠡᠬᠦ ᠰᠠᠶᠢᠬᠠᠨ ᠴᠤᠯᠠ ᠲᠠᠢ᠃ ᠥᠢᠯᠠᠭᠠᠬᠰᠠᠨ ᠢᠶᠠᠷ᠂ ᠮᠤᠩᠭᠤᠯ ᠤᠯᠤᠰ ᠤᠨ ᠰᠤᠳᠤ ᠮᠠᠩᠯᠠᠢ ᠤᠶᠠᠭᠠᠴᠢᠨ ᠪᠤᠯᠬᠤ ᠳᠤ ᠵᠠᠪᠠᠯ ᠤᠯᠤᠰ ᠤᠨ ᠲᠡᠰ ᠤᠨ ᠲᠤᠮᠤ ᠤᠷᠤᠯᠳᠤᠭᠠᠨ ᠤ ᠲᠥᠷᠥᠬᠦᠨ ᠳᠤ ᠲᠤᠳᠤᠷᠠᠬᠰᠠᠨ ᠤᠨᠤᠭ᠎ᠠ ᠶᠢ ᠲᠠᠪᠤ ᠤᠳᠠᠭ᠎ᠠ ᠠᠶᠢᠷᠠᠬᠳᠠᠭᠤᠯᠤᠬᠰᠠᠨ ᠪᠠᠶᠢᠬᠤ ᠭᠡᠷᠡᠭ ᠲᠠᠢ ᠭᠡᠳᠡᠭ᠃ 《ᠮᠤᠩᠭᠤᠯ ᠮᠤᠷᠢᠨ ᠤ ᠤᠯᠠᠮᠵᠢᠯᠠᠯᠳᠤ ᠮᠡᠷᠭᠡᠵᠢᠯ ᠤᠨ ᠮᠤᠷᠢᠨ ᠴᠠᠭᠠᠷᠢᠬ ᠲᠤᠭᠤᠷᠢᠬᠤ ᠤᠷᠤᠯᠳᠤᠭᠠᠨ ᠤ ᠬᠤᠷᠳᠤ ᠰᠢᠯᠭᠠᠬᠤ ᠶᠢ ᠬᠠᠷᠠᠭᠠᠳ ᠥᠪᠥᠷ ᠮᠤᠩᠭᠤᠯ ᠤᠨ ᠮᠤᠷᠢᠨ ᠤᠷᠤᠯᠳᠤᠭᠠᠨ ᠤ ᠲᠥᠪᠰᠢᠨ ᠲᠡᠯᠡᠬᠡᠢ ᠶᠢᠨ ᠡᠮᠥᠨ᠎ᠠ ᠡᠩᠨᠡᠭᠡ ᠳᠤ ᠬᠥᠷᠥᠭᠰᠡᠨ ᠬᠡᠵᠥ ᠪᠠᠷᠳᠠᠮ ᠬᠡᠯᠡᠵᠥ ᠪᠤᠯᠬᠤ ᠶᠤᠮ᠃ ᠤᠯᠠᠨ ᠠᠶᠢᠮᠠᠬ ᠬᠤᠳᠠ ᠠᠴᠠ ᠢᠷᠡᠭᠰᠡᠨ ᠰᠠᠶᠢᠨ ᠮᠤᠷᠢᠳ ᠤᠨ ᠰᠢᠭ᠍ᠰᠢᠮᠠᠯ ᠤᠷᠤᠯᠳᠤᠭᠠᠨ ᠢ ᠶᠡᠭᠡ ᠡᠮᠬᠢ ᠵᠢᠷᠤᠮ ᠲᠠᠢ ᠵᠤᠬᠢᠶᠠᠨ ᠪᠠᠶᠢᠭᠤᠯᠤᠬᠰᠠᠨ ᠨᠢ ᠮᠠᠰᠢ ᠭᠠᠶᠢᠬᠠᠮᠰᠢᠬ ᠮᠥᠷᠳᠡᠭᠡᠨ ᠲᠠᠭᠠᠨ ᠰᠤᠷᠤᠯᠴᠠᠭᠤᠰᠢᠳᠠᠢ ᠵᠦᠢᠯ ᠪᠠᠶᠢᠨ᠎ᠠ᠃ ᠡᠳᠡᠭᠡᠷ ᠪᠥᠬᠦᠨ ᠨᠢ ᠬᠢᠯᠢ ᠠᠯᠤᠰᠯᠠᠨ ᠢᠷᠠᠵᠥ ᠰᠤᠨᠢᠷᠬᠠᠬᠰᠠᠨ ᠳᠠᠭᠠᠨ ᠤᠯᠵᠠᠷᠬᠠᠵᠥ ᠪᠠᠶᠢᠨ᠎ᠠ》  ᠬᠡᠵᠥ ᠫᠦᠷᠪᠤᠪᠠᠭᠠᠳᠤᠷ ᠭᠤᠸᠠᠢ ᠤᠷᠤᠯᠳᠤᠭᠠᠨ ᠤ ᠲᠠᠯᠠᠪᠠᠢ ᠶᠢ ᠬᠠᠷᠠᠨ ᠬᠠᠷᠠᠨ ᠶᠠᠷᠢᠨ᠎ᠠ᠃

ᠫᠦᠷᠪᠤᠪᠠᠭᠠᠳᠤᠷ ᠭᠤᠸᠠᠢ ᠲᠤᠰ ᠤᠳᠠᠭ᠎ᠠ ᠶᠢᠨ ᠤᠷᠤᠯᠳᠤᠭᠠᠨ ᠢ ᠰᠤᠨᠢᠷᠬᠠᠬᠤ ᠪᠠᠷ 4 ᠠᠵᠢᠯ ᠨᠢᠬᠡᠳᠡᠨ ᠲᠠᠢ ᠪᠠᠨ ᠬᠠᠮᠳᠤ ᠢᠷᠡᠭᠰᠡᠨ ᠪᠠᠶᠢᠨ᠎ᠠ᠃ ᠲᠡᠬᠦᠨ ᠲᠠᠢ ᠬᠠᠮᠳᠤ ᠶᠠᠪᠤᠭ᠎ᠠ ᠨᠢᠩᠪᠤ ᠶᠢᠨ ᠪᠠᠶᠠᠨᠮᠦ᠋ᠡᠭᠭᠡ ᠪᠤᠯ ᠮᠤᠩᠭᠤᠯ ᠤᠯᠤᠰ ᠤᠨ ᠤᠷᠤᠯᠳᠤᠭᠠᠨ ᠤ ᠮᠤᠷᠢᠨ ᠤ ᠰᠫᠥᠷᠲ ᠤᠨ ᠬᠤᠯᠪᠤᠭ᠎ᠠ ᠶᠢᠨ ᠲᠡᠷᠢᠬᠦᠯᠡᠭᠴᠢ ᠶᠢᠨ ᠠᠵᠢᠯ ᠠᠯᠪᠠ ᠲᠠᠢ᠃ ᠲᠡᠷᠡ᠄ 《ᠡᠨᠡ ᠤᠳᠠᠭ᠎ᠠ ᠤᠷᠢᠯᠭ᠎ᠠ ᠪᠠᠷ ᠤᠷᠤᠯᠳᠤᠭᠠᠨ ᠳᠤ ᠤᠷᠤᠯᠴᠠᠬᠰᠠᠨ ᠳᠠᠭᠠᠨ ᠲᠤᠩ ᠪᠠᠶᠠᠷ ᠲᠠᠢ ᠪᠠᠶᠢᠨ᠎ᠠ᠃ ᠥᠪᠥᠷ ᠮᠤᠩᠭᠤᠯ ᠤᠨ ᠠᠳᠤᠭᠤᠨ ᠰᠤᠶᠤᠯ ᠤᠨ ᠨᠠᠶᠢᠭᠡᠮᠯᠢᠭ ᠤᠳ ᠲᠠᠢ ᠬᠠᠮᠳᠤᠷᠠᠨ ᠠᠵᠢᠯᠯᠠᠬᠤ ᠥ ᠷᠭᠡᠨ ᠪᠤᠯᠤᠮᠵᠢ ᠪᠠᠶᠢᠬᠤ ᠶᠢ ᠤᠯᠵᠥ ᠬᠠᠷᠠᠬᠰᠠᠨ ᠪᠠᠶᠢᠨ᠎ᠠ》  ᠬᠡᠵᠥ ᠰᠡᠳᠬᠢᠯ ᠬᠥᠭᠰᠡᠨ ᠶᠠᠷᠢᠨ᠎ᠠ᠃

8 ᠰᠠᠷ᠎ᠠ ᠶᠢᠨ 20 ᠤ ᠥᠳᠡ ᠶᠢᠨ ᠡᠮᠥᠨ᠎ᠠ ᠲᠤᠮᠳᠠᠳᠤ ᠤᠯᠤᠰ · ᠥᠪᠥᠷ ᠮᠤᠩᠭᠤᠯ ᠤᠨ ᠮᠤᠷᠢᠨ ᠤᠷᠤᠯᠳᠤᠭᠠᠨ ᠵᠢᠴᠢ ᠵᠢᠷᠭᠤᠳᠤᠭᠠᠷ ᠬᠤᠭᠤᠴᠠᠭᠠᠨ ᠤ ᠥᠪᠥᠷ ᠮᠤᠩᠭᠤᠯ ᠤᠨ ᠤᠯᠠᠨ ᠤᠯᠤᠰ ᠤᠨ ᠮᠤᠷᠢᠨ ᠮᠡᠷᠭᠡᠵᠢᠯ ᠤᠨ ᠨᠠᠶᠢᠷ ᠤᠨ 《ᠮᠸᠡᠭ ᠰᠢᠨ ᠬᠤᠨᠳᠠᠭᠠᠳᠤ》  ᠮᠤᠩᠭᠤᠯ ᠮᠤᠷᠢᠨ ᠤ ᠤᠯᠠᠮᠵᠢᠯᠠᠯᠳᠤ ᠮᠡᠷᠭᠡᠵᠢᠯ ᠤᠨ ᠤᠷᠤᠯᠳᠤᠭᠠᠨ ᠶᠠᠪᠤᠬᠳᠠᠵᠥ᠂ ᠮᠤᠷᠢᠳᠠᠳ ᠤᠨ ᠤᠷᠠᠨ ᠭᠠᠶᠢᠬᠠᠮᠰᠢᠬᠳᠤ ᠮᠤᠷᠢᠨ ᠮᠡᠷᠭᠡᠵᠢᠯ ᠤᠨ ᠲᠤᠬᠯᠠᠯᠳᠠ ᠨᠢ ᠠᠬᠤᠢ ᠲᠠᠯᠠᠪᠠᠢ ᠳᠠᠬᠢ ᠥᠵᠡᠭᠴᠢᠳ ᠤᠨ ᠬᠠᠷᠠᠭ᠎ᠠ ᠶᠢ ᠪᠠᠶᠠᠰᠬᠠᠵᠥ᠂ ᠬᠠᠯᠠᠭᠤᠨ ᠠᠯᠠᠭ᠎ᠠ ᠲᠠᠰᠢᠯᠳᠠ ᠤᠳᠠᠳᠠᠯ᠎ᠠ ᠥᠷᠬᠦᠯᠵᠢᠯᠡᠵᠥ ᠪᠠᠶᠢᠯ᠎ᠠ᠃

ᠡᠨᠡ ᠤᠳᠠᠭ᠎ᠠ ᠶᠢᠨ ᠤᠷᠤᠯᠳᠤᠭᠠᠨ ᠳᠤ ᠡᠯ᠎ᠠ ᠭᠠᠵᠠᠷ ᠤᠷᠤᠨ ᠠᠴᠠ ᠬᠥᠷᠥᠯᠴᠡᠨ ᠢᠷᠡᠭᠰᠡᠨ 8 ᠲᠥᠯᠥᠭᠡᠯᠡᠭᠴᠢᠳ ᠤᠨ ᠠᠩᠭᠢ ᠶᠢᠨ 48 ᠤᠨᠤᠭᠠᠴᠢᠨ ᠮᠤᠷᠢᠨ ᠨᠢᠷᠤᠭᠤᠨ ᠲᠡᠭᠡᠷᠡᠬᠢ ᠤᠷ᠎ᠠ ᠠᠪᠢᠶᠠᠰ ᠢᠶᠠᠨ ᠭᠠᠶᠢᠬᠠᠭᠤᠯᠬᠤ ᠪᠠᠷ ᠲᠠᠮᠵᠢᠨ᠂ ᠮᠠᠨ ᠤ ᠤᠷᠤᠨ ᠤ ᠮᠤᠷᠢᠨ ᠮᠡᠷᠭᠡᠵᠢᠯ ᠤᠨ ᠠᠩᠭᠢ ᠶᠢᠨ ᠲᠠᠮᠢᠷᠴᠢᠨ ᠥᠯᠵᠡᠶᠢᠳᠤᠬᠳᠠᠬᠤ 100 ᠬᠤᠪᠢ ᠶᠢᠨ ᠰᠢᠯᠢᠳᠡᠭ ᠬᠢᠷᠢ ᠪᠥᠳᠥᠮᠵᠢ ᠪᠠᠷ ᠬᠤᠪᠢ ᠬᠥᠮᠥᠨ ᠤ ᠨᠢᠬᠡᠳᠤᠭᠡᠷ ᠲᠤ ᠲᠤᠳᠤᠷᠠᠵᠥ᠂ ᠲᠠᠮᠢᠷᠴᠢᠨ ᠬᠥᠸᠧ ᠹᠥ᠋ ᠼᠠᠢ᠂ ᠴᠡᠩᠭᠡᠯᠪᠡᠶᠠᠷ ᠲᠡᠳ᠋ᠯᠡᠨ᠂ ᠲᠠᠮᠢᠷᠴᠢᠨ ᠴᠢᠮᠪᠠᠢ᠂ ᠨᠠᠰᠤᠨᠵᠢᠷᠭᠠᠯ ᠪᠠ ᠡᠩᠭᠡᠪᠤᠯᠠᠬ ᠨᠡᠷ ᠭᠤᠷᠪᠠᠳᠤᠭᠠᠷ ᠲᠤ     ᠤᠷᠤᠵᠠᠢ᠃ ᠬᠠᠮᠳᠤ ᠨᠢᠬᠡᠴᠢ ᠶᠢᠨ ᠤᠷᠤᠯᠳᠤᠭᠠᠨ ᠳᠤ ᠥᠪᠥᠷ ᠮᠤᠩᠭᠤᠯ ᠤᠨ ᠮᠤᠷᠢᠨ ᠮᠡᠷᠭᠡᠵᠢᠯ ᠤᠨ ᠠᠩᠭᠢ ᠲᠥᠷᠥᠬᠦᠯᠡᠪᠠ᠃ 《ᠪᠤᠭᠤᠷᠤᠯ ᠲᠡᠤᠭᠡ ᠶᠢᠨ ᠬᠥᠯᠥᠭ ᠤᠨ ᠮᠠᠬᠳᠠᠭᠤ》  ᠪᠦᠯᠬᠦᠮ ᠪᠠ ᠥᠪᠡᠷᠳᠡᠭᠡᠨ ᠵᠠᠰᠬᠠᠤ ᠤᠷᠤᠨ ᠤ ᠮᠤᠷᠢᠨ ᠮᠡᠷᠭᠡᠵᠢᠯ ᠤᠨ ᠲᠠᠮᠢᠷ ᠤᠨ ᠬᠥᠳᠡᠯᠭᠡᠭᠡᠨ ᠤ ᠬᠠᠮᠢᠶᠠᠷᠤᠯᠳᠠ ᠶᠢᠨ ᠲᠥᠪ ᠤᠨ ᠲᠥᠯᠥᠭᠡᠯᠡᠭᠴᠢ ᠶᠢᠨ ᠠᠩᠭᠢ ᠬᠤᠶᠠᠳᠤᠭᠠᠷ ᠲᠤ ᠤᠷᠤᠵᠥ᠂ ᠮᠸᠡᠭ ᠮᠠ ᠮᠤᠷᠢᠨ ᠮᠡᠷᠭᠡᠵᠢᠯ ᠤᠨ ᠺᠯᠦ᠋ᠪ᠂ ᠥᠪᠥᠷ ᠮᠤᠩᠭᠤᠯ ᠤᠨ ᠤᠷᠠᠯᠢᠬ ᠵᠥᠴᠥᠭᠡ ᠶᠢᠨ ᠬᠥᠷᠢᠶᠠᠯᠠᠩ᠂ ᠥᠪᠥᠷ ᠮᠤᠩᠭᠤᠯ ᠤᠨ ᠼᠢᠷᠺ ᠤᠨ ᠪᠥᠯᠬᠦᠮ ᠲᠤᠰ ᠲᠤᠰ ᠭᠤᠷᠪᠠᠳᠤᠭᠠᠷ ᠲᠤ ᠲᠤᠳᠤᠷᠠᠭᠰᠠᠨ ᠪᠠᠶᠢᠨ᠎ᠠ᠃

ᠮᠤᠷᠢ ᠪᠠᠨ ᠠᠪᠴᠢᠷᠠᠨ ᠤᠷᠤᠯᠳᠤᠭᠠᠨ ᠳᠤ ᠤᠷᠤᠯᠴᠠᠬᠰᠠᠨ ᠳᠠᠭᠠᠨ ᠁

ᠲᠥᠡᠭᠯᠢᠶᠤᠤ ᠬᠤᠳᠠ ᠶᠢᠨ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠴᠢᠯᠠᠭᠤᠳᠤ ᠪᠠᠯᠭᠠᠰᠤ ᠶᠢᠨ ᠥᠯᠵᠠᠢ ᠪᠤᠯ 《ᠥᠷᠠᠵᠢᠯ》  ᠠᠳᠤᠭᠤᠨ ᠤ ᠥᠢᠯᠡᠰ ᠢ ᠡᠵᠡᠩᠨᠡᠵᠥ ᠶᠠᠪᠤᠭ᠎ᠠ ᠮᠠᠯᠴᠢᠨ ᠶᠤᠮ᠃ ᠲᠡᠷᠨ ᠡᠨᠡ ᠤᠳᠠᠭ᠎ᠠ ᠬᠡᠳᠤᠨ ᠨᠤᠳᠤᠬ ᠤᠨ ᠡᠬᠦᠯᠳᠡᠷ ᠤᠨ ᠮᠤᠷᠢ ᠪᠠᠨ ᠠᠪᠴᠢᠷᠠᠨ ᠤᠷᠤᠯᠳᠤᠭᠠᠨ ᠳᠤ ᠤᠷᠤᠯᠴᠠᠭᠤᠯᠵᠠᠢ᠃ 《ᠡᠨᠡ ᠤᠳᠠᠭ᠎ᠠ ᠶᠢᠨ ᠤᠷᠤᠯᠳᠤᠭᠠᠨ ᠮᠤᠩᠭᠤᠯ ᠮᠤᠷᠢ ᠪᠠᠷ ᠢᠯᠭᠠᠬᠳᠠᠨ᠂ ᠤᠨᠤᠬᠰᠠᠨ ᠡᠵᠡᠨ ᠨᠢ ᠪᠥᠷ ᠮᠠᠯᠴᠢᠨ ᠬᠥᠮᠥᠨ ᠪᠤᠯᠬᠤᠷ ᠭᠤᠶᠤ ᠤᠷᠤᠯᠳᠤᠭᠠᠨ ᠪᠤᠯᠵᠠᠢ᠂ ᠤᠷᠤᠯᠳᠤᠭᠠᠨ ᠤ ᠲᠡᠷᠢᠬᠦᠨ ᠲᠡᠳ᠋ ᠴᠢᠬᠤᠯᠠ ᠪᠤᠯᠪᠠᠴᠤ ᠡᠨᠡ ᠤᠳᠠᠭ᠎ᠠ ᠲᠡᠭᠡᠵᠥ ᠰᠠᠨᠠᠬᠳᠠᠬᠠᠰᠠᠨ ᠥᠬᠡᠢ᠂ ᠬᠠᠷᠢᠨ ᠤᠷᠤᠯᠳᠤᠭᠠᠨ ᠢᠶᠠᠷ ᠲᠠᠮᠵᠢᠨ ᠮᠠᠨ ᠤ ᠨᠤᠳᠤᠬ ᠤᠨ ᠡᠬᠦᠯᠳᠡᠷ ᠤᠨ ᠮᠤᠷᠢᠳ ᠤᠨ ᠨᠡᠷ᠎ᠠ ᠨᠥᠯᠥᠬᠡ ᠥᠷᠭᠡᠳᠴᠤ ᠬᠤᠳᠠᠯᠠ ᠤᠯᠠᠨ ᠳᠤ ᠲᠠᠨᠢᠬᠳᠠᠬᠤ ᠨᠢ ᠨᠠᠩ ᠴᠢᠬᠤᠯᠠ᠃ ᠡᠶᠢᠮᠥᠷᠬᠦᠦ ᠤᠷᠤᠯᠳᠤᠭᠠᠨ ᠢ ᠢᠯᠡᠬᠦᠬᠡᠨ ᠶᠠᠪᠤᠬᠳᠠᠭᠤᠯᠬᠤ ᠶᠢ ᠬᠥᠰᠡᠵᠥ ᠪᠠᠶᠢᠨ᠎ᠠ》  ᠬᠡᠵᠥ ᠲᠡᠷᠡ ᠬᠡᠯᠡᠨ᠎ᠡ᠃

8 ᠰᠠᠷ᠎ᠠ ᠶᠢᠨ 20 ᠤ ᠥᠳᠡ ᠶᠢᠨ ᠬᠤᠶᠢᠨ᠎ᠠ ᠮᠤᠩᠭᠤᠯ ᠮᠤᠷᠢᠨ ᠤ 《ᠮᠤᠷᠢᠨ ᠸᠠᠩ 》  ᠢ ᠰᠢᠯᠭᠠᠷᠠᠭᠤᠯᠬᠤ ᠤᠷᠤᠯᠳᠤᠭᠠᠨ ᠤ ᠰᠢᠢᠳᠪᠤᠷᠢᠳᠤ ᠤᠷᠤᠯᠳᠤᠭᠠᠨ ᠶᠠᠪᠤᠬᠳᠠᠪᠠ᠃ ᠨᠠᠶᠢᠳᠠ 50 ᠮᠤᠩᠭᠤᠯ ᠮᠤᠷᠢ ᠤᠷᠤᠯᠳᠤᠭᠠᠨ ᠳᠤ ᠤᠷᠤᠯᠴᠠᠵᠤ᠂ ᠬᠤᠷᠳᠤᠨ ᠮᠤᠷᠢᠨ ᠤ ᠤᠷᠤᠯᠳᠤᠭᠠᠨ ᠪᠠ ᠤᠯᠠᠮᠵᠢᠯᠠᠯᠳᠤ ᠵᠢᠷᠤᠭ᠎ᠠ ᠮᠤᠷᠢᠨ ᠤ ᠤᠷᠤᠯᠳᠤᠭᠠᠨ ᠬᠡᠬᠦ ᠬᠤᠶᠠᠷ ᠲᠤᠭᠤᠢᠢᠯᠠᠩ ᠬᠤᠪᠢᠶᠠᠨ ᠶᠠᠪᠤᠬᠳᠠᠭᠤᠯᠪᠠ᠃ ᠬᠤᠷᠳᠤᠨ ᠮᠤᠷᠢᠨ ᠤ ᠤᠷᠤᠯᠳᠤᠭᠠᠨ ᠢ ᠮᠤᠩᠭᠤᠯ ᠮᠤᠷᠢᠨ (ᠥᠨᠳᠤᠷ ᠨᠢ 1.45 ᠮᠧᠲᠷ ᠠᠴᠠ ᠲᠤᠷᠤᠬᠰᠢ) ᠤ 2750 ᠮᠧᠲᠷ ᠤᠨ ᠤᠷᠤᠯᠳᠤᠭᠠᠨ᠂ ᠮᠤᠩᠭᠤᠯ ᠮᠤᠷᠢᠨ (ᠥᠨᠳᠤᠷ ᠨᠢ 1.45 ᠮᠧᠲᠷ ᠠᠴᠠ ᠲᠡᠭᠡᠭᠰᠢ) ᠤ 4500 ᠮᠧᠲᠷ ᠤᠨ ᠤᠷᠤᠯᠳᠤᠭᠠᠨ᠂ ᠴᠡᠪᠡᠷ ᠴᠢᠰᠤᠨ ᠤ ᠪᠤᠰᠤ ᠮᠤᠷᠢᠨ (ᠥᠨᠳᠤᠷ ᠨᠢ 1.45 ᠮᠧᠲᠷ ᠠᠴᠠ ᠲᠡᠭᠡᠭᠰᠢ) ᠤ 2000 ᠮᠧᠲᠷ ᠤᠨ ᠤᠷᠤᠯᠳᠤᠭᠠᠨ ᠪᠠ ᠤᠯᠠᠮᠵᠢᠯᠠᠯᠳᠤ ᠵᠢᠷᠤᠭ᠎ᠠ ᠮᠤᠷᠢᠨ (ᠦᠨᠳᠦᠷ ᠨᠢ 1.45 ᠮᠧᠲᠷ ᠠᠴᠠ ᠲᠤᠷᠤᠬᠰᠢ) ᠤ 2750 ᠮᠧᠲᠷ ᠤᠨ ᠤᠷᠤᠯᠳᠤᠭᠠᠨ ᠭᠡᠵᠥ ᠶᠠᠪᠤᠬᠳᠠᠭᠤᠯᠪᠠ᠃ ᠬᠤᠷᠳᠤᠨ ᠮᠤᠷᠢᠨ ᠤ ᠤᠷᠤᠯᠳᠤᠭᠠᠨ ᠤ ᠮᠤᠩᠭᠤᠯ ᠮᠤᠷᠢᠨ (ᠥᠨᠳᠤᠷ ᠨᠢ 1.45 ᠮᠧᠲᠷ ᠠᠴᠠ ᠲᠤᠷᠤᠬᠰᠢ) ᠤ 2750 ᠮᠧᠲᠷ ᠤᠨ ᠤᠷᠤᠯᠳᠤᠭᠠᠨ ᠪᠠ ᠮᠤᠩᠭᠤᠯ ᠮᠤᠷᠢᠨ (ᠥᠨᠳᠤᠷ ᠨᠢ 1.45 ᠮᠧᠲᠷ ᠠᠴᠠ ᠲᠡᠭᠡᠭᠰᠢ) ᠤ 4500 ᠮᠧᠲᠷ ᠤᠨ ᠤᠷᠤᠯᠳᠤᠭᠠᠨ ᠳᠤ ᠤᠨᠤᠭᠠᠴᠢᠨ ᠶᠢᠨ ᠪᠢᠶᠤᠤ ᠲᠥᠷᠥᠬᠦᠯᠡᠵᠥ᠂ ᠴᠡᠪᠡᠷ ᠴᠢᠰᠤᠨ ᠤ ᠪᠤᠰᠤ ᠮᠤᠷᠢᠨ (ᠥᠨᠳᠤᠷ ᠨᠢ 1.45 ᠮᠧᠲᠷ ᠠᠴᠠ ᠲᠡᠭᠡᠭᠰᠢ) ᠤ 2000 ᠮᠧᠲᠷ ᠤᠨ ᠤᠷᠤᠯᠳᠤᠭᠠᠨ ᠳᠤ ᠤᠨᠤᠭᠠᠴᠢᠨ ᠫᠠᠨ ᠵᠤᠤ ᠬᠤᠸᠠ ᠲᠥᠷᠥᠬᠦᠯᠡᠨ᠂ ᠤᠯᠠᠮᠵᠢᠯᠠᠯᠳᠤ ᠵᠢᠷᠤᠭ᠎ᠠ ᠮᠤᠷᠢᠨ (ᠥᠨᠳᠤᠷ ᠨᠢ 1.45 ᠮᠧᠲᠷ ᠠᠴᠠ ᠲᠤᠷᠤᠬᠰᠢ) ᠤ 2750 ᠮᠧᠲᠷ ᠤᠨ ᠤᠷᠤᠯᠳᠤᠭᠠᠨ ᠳᠤ ᠤᠨᠤᠭᠠᠴᠢᠨ ᠪᠤᠤ ᠵᠢᠷᠭᠠᠯ ᠲᠥᠷᠥᠬᠦᠯᠡᠪᠠ᠃

ᠡᠬᠦᠨ ᠠᠴᠠ ᠭᠠᠳᠠᠨ᠎ᠠ᠂ 8 ᠰᠠᠷ᠎ᠠ ᠶᠢᠨ 21 ᠤ ᠥᠳᠡ ᠶᠢᠨ ᠡᠮᠥᠨ᠎ᠠ 2019 ᠤᠨ ᠤ 《ᠨᠢᠬᠡ ᠪᠥᠰᠠ ᠨᠢᠬᠡ ᠵᠠᠮ》  ᠤᠨ ᠥᠪᠥᠷ ᠮᠤᠩᠭᠤᠯ ᠤᠨ ᠬᠤᠷᠳᠤᠨ ᠮᠤᠷᠢᠨ ᠤ ᠢᠯᠠ ᠤᠷᠤᠯᠳᠤᠭᠠᠨ ᠶᠠᠪᠤᠬᠳᠠᠵᠠᠢ᠃ ᠲᠤᠰ ᠤᠳᠠᠭ᠎ᠠ ᠶᠢᠨ ᠤᠷᠤᠯᠳᠤᠭᠠᠨ ᠳᠤ 22 ᠮᠤᠷᠢ ᠤᠷᠤᠯᠳᠤᠭᠠᠨ ᠳᠤ ᠤᠷᠤᠯᠴᠠᠵᠥ᠂ ᠭᠤᠷᠪᠠᠨ ᠲᠠᠯᠠᠪᠤᠷ ᠤᠷᠤᠯᠳᠤᠭᠠᠨ ᠢᠶᠠᠷ ᠲᠠᠮᠵᠢᠭᠤᠯᠤᠨ ᠤᠯᠤᠰ ᠤᠨ ᠲᠤᠳᠤᠭᠠᠳᠤ ᠶᠢᠨ ᠴᠡᠪᠡᠷ ᠴᠢᠰᠤᠨ ᠤ ᠮᠤᠷᠢᠨ ᠤ 1200 ᠮᠧᠲᠷ ᠤᠨ ᠤᠷᠤᠯᠳᠤᠭᠠᠨ᠂ ᠪᠥᠳᠥᠬᠦᠨ ᠮᠤᠷᠢᠨ ᠤ 2750 ᠮᠧᠲᠷ ᠤᠨ ᠤᠷᠤᠯᠳᠤᠭᠠᠨ ᠪᠠ ᠰᠢᠳᠤᠯᠠᠩ ᠮᠤᠷᠢᠨ ᠤ 2000 ᠮᠧᠲᠷ ᠤᠨ ᠤᠷᠤᠯᠳᠤᠭᠠᠨ ᠳᠤ ᠥᠷᠢᠰᠥᠯᠳᠥᠪᠠ᠃

ᠤᠯᠤᠰ ᠤᠨ ᠲᠤᠳᠤᠭᠠᠳᠤ ᠶᠢᠨ ᠴᠡᠪᠡᠷ ᠴᠢᠰᠤᠨ ᠤ ᠮᠤᠷᠢᠨ ᠤ 1200 ᠮᠧᠲᠷ ᠤᠨ ᠤᠷᠤᠯᠳᠤᠭᠠᠨ ᠳᠤ ᠤᠨᠤᠭᠠᠴᠢᠨ ᠰᠠᠯᠡᠩᠭᠡ ᠶᠢᠨ ᠤᠨᠤᠬᠰᠠᠨ ᠬᠥᠯᠥᠭ 1 ᠮᠢᠨᠦ᠋ᠲ 14 ᠰᠧᠺᠦ᠋ᠨ᠋ᠳ᠋ ᠤᠨ ᠬᠢᠷᠢ ᠪᠥᠳᠥᠮᠵᠢ ᠪᠠᠷ ᠲᠡᠷᠢᠬᠦᠨ ᠮᠠᠩᠯᠠᠢ ᠳᠤ ᠬᠤᠷᠳᠤᠯᠠᠭᠰᠠᠨ ᠪᠠᠶᠢᠨ᠎ᠠ᠃ ᠪᠥᠳᠥᠬᠦᠨ ᠮᠤᠷᠢᠨ ᠤ 2750 ᠮᠧᠲᠷ ᠤᠨ ᠤᠷᠤᠯᠳᠤᠭᠠᠨ ᠳᠤ ᠪᠤᠤ ᠴᠢᠤᠢ ᠰᠢᠨ ᠤ ᠤᠨᠤᠬᠰᠠᠨ 《ᠰᠠᠯᠬᠢᠨ ᠬᠥᠷᠳᠤ》  ᠮᠤᠷᠢ ᠤᠷᠤᠯᠳᠤᠭᠠᠨ ᠤ ᠡᠬᠢᠨ ᠤ ᠳ᠋ᠤᠭᠠᠷ ᠲᠤ ᠤᠯᠠᠨ ᠠᠴᠠ ᠰᠤᠭᠤᠷᠠᠨ ᠭᠠᠷᠴᠤ ᠤᠷᠤᠯᠳᠤᠭᠠᠨ ᠤ ᠲᠡᠭᠦᠰᠭᠡᠯ ᠤᠨ ᠱᠤᠭᠤᠮ ᠢ ᠬᠠᠮᠤᠬ ᠲᠥᠷᠥᠬᠦᠨ ᠳᠤ ᠰᠢᠪᠳᠤᠯᠵᠥ᠂ ᠲᠤᠰ ᠲᠤᠭᠤᠢᠢᠯᠠᠩ ᠤᠨ ᠤᠷᠤᠯᠳᠤᠭᠠᠨ ᠳᠤ ᠲᠥᠷᠥᠬᠦᠯᠡᠭᠰᠡᠨ ᠪᠠᠶᠢᠨ᠎ᠠ᠃ ᠰᠢᠳᠤᠯᠠᠩ ᠮᠤᠷᠢᠨ ᠤ 2000 ᠮᠧᠲᠷ ᠤᠨ ᠤᠷᠤᠯᠳᠤᠭᠠᠨ ᠳᠤ ᠫᠠᠨ ᠵᠤᠤ ᠬᠤᠸᠠ ᠶᠢᠨ ᠤᠨᠤᠬᠰᠠᠨ 《ᠳ᠋ᠠ ᠴᠢᠶᠠᠨ ᠱᠢ ᠢ ᠯᠠᠩ》  ᠮᠤᠷᠢ ᠲᠦᠷᠦᠬᠦᠯᠡᠪᠠ᠃ ᠢᠩᠬᠢᠭᠡᠳ ᠬᠦᠬᠡᠲᠠᠯ᠎ᠠ ᠳᠤ ᠶᠠᠪᠤᠬᠳᠠᠬᠰᠠᠨ ᠠᠳᠤᠭᠤᠨ ᠰᠤᠶᠤᠯ ᠤᠨ ᠴᠤᠬᠯᠠᠭᠠᠨ ᠤ ᠥᠪᠡᠷᠮᠢᠴᠠ ᠤᠨᠴᠠᠯᠢᠬᠳᠤ ᠮᠤᠩᠭᠤᠯ ᠮᠤᠷᠢᠨ ᠤ ᠤᠷᠤᠯᠳᠤᠭᠠᠨ ᠨᠤᠭᠤᠳ ᠴᠦᠮ ᠥᠨᠳᠤᠷᠯᠠᠪᠠ᠃( ᠦᠷᠭᠡᠨ)

fca34c0f-3595-48e8-b310-bfb6256810ae.jpg

c47db7b9-d881-40a7-8073-dd4bd6f525d0.jpg

ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ