ᠰᠤᠷᠪᠤᠯᠵᠢᠯᠠᠬᠴᠢ ᠦᠪᠡᠷᠲᠡᠭᠡᠨ ᠵᠠᠰᠠᠬᠤ ᠤᠷᠤᠨ ᠤ ᠵᠡᠮᠳᠡᠭᠴᠤᠳ ᠤᠨ ᠬᠤᠯᠪᠤᠭ᠎ᠠ ᠠᠴᠠ ᠤᠢᠢᠯᠠᠭᠠᠬᠰᠠᠨ ᠢᠶᠠᠷ᠂ 8 ᠰᠠᠷ᠎ᠠ ᠶᠢᠨ 25 ᠠᠴᠠ 9 ᠰᠠᠷ᠎ᠠ ᠶᠢᠨ 1 ᠤ ᠡᠳᠦᠷ ᠪᠤᠯᠲᠠᠯ᠎ᠠ ᠲᠢᠶᠠᠨᠵᠢᠨ ᠳᠤ ᠶᠠᠪᠤᠬᠳᠠᠬᠰᠠᠨ ᠪᠦᠬᠦ ᠤᠯᠤᠰ ᠤᠨ ᠠᠷᠪᠠᠳᠤᠭᠠᠷ ᠬᠤᠭᠤᠴᠠᠭᠠᠨ ᠤ ᠵᠡᠮᠳᠡᠭᠴᠤᠳ ᠤᠨ ᠪᠡᠶ᠎ᠡ ᠶᠢᠨ ᠲᠠᠮᠢᠷ ᠤᠨ ᠴᠤᠭᠯᠠᠭᠠᠨ ᠵᠢᠴᠢ ᠳᠤᠯᠤᠳᠤᠭᠠᠷ ᠬᠤᠭᠤᠴᠠᠭᠠᠨ ᠤ ᠤᠨᠴᠠᠭᠠᠢ ᠤᠯᠢᠮᠫᠢᠺ ᠤᠨ ᠤᠷᠤᠯᠳᠤᠭᠠᠨ ᠳᠤ ᠮᠠᠨ ᠤ ᠤᠷᠤᠨ ᠤ ᠲᠠᠮᠢᠷᠴᠢᠳ ᠰᠢᠯᠢᠳᠡᠭ ᠬᠢᠷᠢ ᠪᠦᠲᠦᠮᠵᠢ ᠤᠯᠵᠠᠢ᠃

ᠤᠢᠢᠯᠠᠭᠠᠬᠰᠠᠨ ᠢᠶᠠᠷ᠂ ᠲᠤᠰ ᠬᠤᠭᠤᠴᠠᠭᠠᠨ ᠤ ᠵᠡᠮᠳᠡᠭᠴᠤᠳ ᠤᠨ ᠪᠡᠶ᠎ᠡ ᠶᠢᠨ ᠲᠠᠮᠢᠷ ᠤᠨ ᠴᠤᠬᠯᠠᠭᠠᠨ ᠵᠢᠴᠢ ᠲᠤᠯᠤᠳᠤᠭᠠᠷ ᠬᠤᠭᠤᠴᠠᠭᠠᠨ ᠤ ᠤᠨᠴᠠᠭᠠᠢ ᠤᠯᠢᠮᠫᠢᠺ ᠤᠨ ᠤᠷᠤᠯᠳᠤᠭᠠᠨ ᠳᠤ ᠮᠠᠨ ᠤ ᠤᠷᠤᠨ ᠤ ᠲᠦᠯᠦᠬᠡᠯᠡᠭᠴᠢᠳ ᠤᠨ ᠪᠦᠯᠬᠦᠮ ᠤᠨ ᠲᠠᠮᠢᠷᠴᠢᠳ ᠡᠪᠤᠯ ᠤᠨ ᠤᠯᠠᠷᠢᠯ ᠤᠨ ᠳᠠᠩ ᠬᠠᠪᠲᠠᠰᠤᠲᠦ ᠴᠠᠨᠠᠯᠠᠯᠲᠠ᠂ ᠬᠦᠨᠳᠦ ᠶᠢ ᠡᠷᠬᠦᠬᠦ᠂ ᠬᠠᠷᠠᠭ᠎ᠠ ᠠᠯᠳᠠᠬᠰᠠᠳ ᠤᠨ ᠵᠢᠥᠳᠤᠤ ᠪᠦᠭᠡ ᠵᠡᠷᠭᠡ ᠲᠦᠷᠦᠯ ᠵᠦᠢᠯ ᠳᠤ ᠨᠡᠶᠢᠲᠡ 6 ᠠᠯᠲᠠᠨ ᠮᠧᠳᠠᠯ 7 ᠮᠦᠩᠬᠦᠨ ᠮᠧᠳᠠᠯ 9 ᠬᠦᠷᠡᠯ ᠮᠧᠳᠠᠯ ᠭᠠᠷᠳᠠᠵᠤ᠂ ᠤᠨᠴᠠᠭᠠᠢ ᠤᠯᠢᠮᠫᠢᠺ ᠤᠨ ᠤᠮᠪᠠᠯᠲᠠ᠂ ᠤᠨᠴᠠᠭᠠᠢ ᠤᠯᠢᠮᠫᠢᠺ ᠤᠨ ᠫᠢᠩᠫᠤᠩ ᠪᠦᠮᠪᠦᠭᠡ ᠶᠢᠨ ᠤᠷᠤᠯᠳᠤᠭᠠᠨ᠂ ᠤᠨᠴᠠᠭᠠᠢ ᠤᠯᠢᠮᠫᠢᠺ ᠤᠨ ᠬᠦᠷᠳᠦᠳᠦ ᠲᠡᠰᠢᠬᠦᠷ ᠵᠡᠷᠭᠡ ᠤᠷᠤᠯᠳᠤᠭᠠᠨ ᠤ ᠲᠦᠷᠦᠯ ᠵᠦᠢᠯ ᠳᠤ 6 ᠠᠯᠳᠠᠨ ᠮᠧᠳᠠᠯ 8 ᠮᠦᠩᠭᠦᠨ ᠮᠧᠳᠠᠯ 12 ᠬᠦᠷᠡᠯ ᠮᠧᠳᠠᠯ ᠲᠤᠰᠴᠠᠢ᠃ ᠡᠬᠦᠨ ᠳᠤ ᠲᠠᠮᠢᠷᠴᠢᠨ ᠮᠦᠩᠬᠦᠨᠵᠢᠮᠢᠰ ᠤᠨ ᠰᠢᠷᠡᠮᠦᠨ ᠪᠦᠮᠪᠦᠭᠡ ᠪᠤᠯᠤᠨ ᠵᠡᠭᠡᠷᠡᠩᠬᠡᠢ ᠶᠢᠨ ᠤᠷᠤᠯᠳᠤᠭᠠᠨ ᠤ ᠲᠦᠷᠦᠯ ᠵᠦᠢᠯ ᠤᠨ ᠬᠢᠷᠢ ᠪᠦᠲᠦᠮᠵᠢ ᠨᠢ ᠪᠦᠬᠦ ᠤᠯᠤᠰ ᠪᠤᠯᠤᠨ ᠠᠽᠢᠶ᠎ᠡ ᠲᠢᠪ ᠤᠨ ᠲᠡᠮᠳᠡᠭᠯᠡᠯ ᠢ ᠡᠬᠦᠳᠦᠭᠰᠡᠨ ᠪᠠᠶᠢᠨ᠎ᠠ᠃


ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ