ᠠᠵᠢᠯᠯᠠᠭᠠᠳ ᠶᠠᠳᠠᠷᠠᠪᠠᠯ ᠭᠠᠷ ᠤᠲᠠᠰᠤ ᠪᠠᠨ ᠢᠶᠠᠨ ᠨᠠᠭᠠᠳᠪᠠᠯ᠂ ᠪᠡᠶ᠎ᠡ ᠪᠠᠨ  ᠠᠮᠠᠷᠠᠭᠤᠯᠵᠤ  ᠴᠢᠳᠠᠨ᠎ᠠ  ᠬᠡᠵᠦ  ᠮᠠᠰᠢ‌ ᠤᠯᠠᠨ ᠬᠦᠮᠦᠨ ᠦᠵᠡᠵᠦ ᠪᠤᠢ᠃ ᠭᠡᠪᠡᠴᠦ ᠤᠶᠢᠷ᠎ᠠ ᠳᠤ ᠠᠮᠧᠷᠢᠺᠠ ᠶᠢᠨ ᠷᠤᠲᠭᠧᠷᠰ ᠶᠡᠭᠡ ᠰᠤᠷᠭᠠᠭᠤᠯᠢ ᠶᠢᠨ  ᠬᠤᠳᠠᠯᠳᠤᠭᠠᠨ ‍ᠤ‌‍ ᠲ᠋ᠡᠭᠡᠳᠦ ᠰᠤᠷᠭᠠᠭᠤᠯᠢ ᠶᠢᠨ ᠰᠤᠳᠤᠯᠭᠠᠲᠠᠳ᠂ ᠤᠶᠤᠨ ᠲᠠᠷᠢᠬᠢᠨ ᠤ ᠦᠷᠢᠰᠦᠯᠳᠦᠭᠡᠨ ᠤ ᠯᠤᠳᠤ ᠶᠡᠭᠡ ᠡᠭᠦᠷᠭᠡ  ᠬᠦᠢᠴᠡᠳᠭᠡᠵᠦ‌‍ ᠪᠠᠶᠢᠭ᠎ᠠ ᠦᠶᠡᠰ᠂ 《ᠳᠤᠮᠳᠠ ᠨᠢ ᠠᠮᠠᠷᠠᠬᠤ ᠳᠠᠭᠠᠨ ᠭᠠᠷ ᠤᠲᠠᠰᠤ ᠪᠠᠨ  ᠦᠵᠡᠬᠦ  ᠳᠤ  ᠬᠦᠷᠪᠡᠯ  ᠲᠠᠷᠢᠬᠢ  ᠲᠤᠯᠤᠭᠠᠢ ᠪᠠᠨ‌‍ ᠰᠠᠶᠢᠳᠤᠷ ᠠᠮᠠᠷᠠᠭᠤᠯᠵᠤ ᠲᠡᠶᠢᠯᠬᠦ ᠥᠬᠡᠶ ᠮᠥᠷᠲᠡᠭᠡᠨ ᠭᠡᠳᠡᠷᠭᠦ ᠪᠠᠨ ᠠᠵᠢᠯ ᠤᠨ ᠦᠷ᠎ᠡ ᠪᠦᠲᠦᠮᠵᠢ ᠪᠠᠨ ᠨᠦᠯᠦᠭᠡᠯᠡᠵᠦ  ᠪᠠᠶᠢᠳᠠᠭ‌ᠢ ᠤᠯᠵᠤ ᠮᠡᠳᠡᠵᠡᠢ᠃ 

ᠲᠤᠷᠰᠢᠯᠲᠠ ᠬᠢᠬᠦ ᠳᠤ᠂ ᠶᠡᠭᠡ ᠰᠤᠷᠭᠠᠭᠤᠯᠢ ᠶᠢᠨ 414 ᠤᠶᠤᠳᠠᠨ ᠢ ᠥᠷᠢᠰᠥᠯᠳᠦᠭᠡᠨ ᠤ ᠴᠢᠨᠠᠷᠲᠠᠶ 20  ᠪᠦᠯᠦᠭ‌ ᠦᠰᠦᠭ ᠤᠨ  ᠤᠨᠢᠰᠤᠭ᠎ᠠ ᠶᠢ  ᠲᠠᠶᠢᠯᠬᠤ ᠶᠢ  ᠱᠠᠭᠠᠷᠳᠠᠵᠠᠶ᠃  ᠲᠤᠷᠰᠢᠯᠲᠠ  ᠬᠢᠬᠦ  ᠶᠠᠪᠤᠴᠠ ᠳᠤ  ᠨᠢᠭᠡ  ᠬᠡᠰᠡᠭ  ᠬᠥᠮᠦᠰ ᠢ‌ᠠᠮᠠᠷᠠᠭᠤᠯᠤᠨ᠂ ᠭᠠᠷ ᠤᠲᠠᠰᠤ ᠨᠠᠭᠠᠳᠬᠤ᠂ ᠺᠣᠮᠫᠢᠦ᠋ᠲ᠋ᠧᠷ ᠪᠤᠶᠤ ᠪᠢᠷ ᠴᠠᠭᠠᠰᠤ ᠬᠡᠷᠡᠭᠯᠡᠵᠦ ᠪᠣᠯᠬᠤ ᠶᠢ ᠵᠦᠪᠰᠢᠶᠡᠷᠡᠪᠡ᠂ ᠬᠠᠷᠢᠨ‌ᠨᠦ᠋ᠬᠦᠭᠡ  ᠨᠢᠭᠡ  ᠬᠡᠰᠡᠭ  ᠬᠥᠮᠦᠰ ᠢ  ᠠᠮᠠᠷᠠᠵᠤ  ᠪᠣᠯᠬᠤ   ᠦᠭᠡᠢ   ᠬᠡᠵᠡᠢ᠃

ᠲᠤᠷᠰᠢᠯᠲᠠ ᠶᠢᠨ ᠦᠷ᠎ᠡ ᠳ᠋ᠦᠡᠭ ᠳ᠋ᠤ᠋‌ᠢᠯᠡᠷᠡᠬᠦᠯᠦᠭᠰᠡᠨ ᠢᠶᠠᠷ᠂ ᠭᠠᠷ ᠤᠲᠠᠰᠤ ᠪᠠᠨ ᠦᠵᠡᠬᠦ ᠳᠤ  ᠤᠷᠤᠯᠴᠠᠬᠰᠠᠳ ᠤᠨ  ᠤᠶᠤᠨ  ᠤᠬᠠᠭᠠᠨ ᠨᠢ  ᠬᠠᠮᠤᠬ ᠤᠨ  ᠶᠡᠭᠡ‌‍ᠪᠠᠷᠠᠬᠳᠠᠵᠤ᠂ ᠠᠮᠠᠷᠠᠭᠰᠠᠨ ᠤ ᠳᠠᠷᠠᠭ᠎ᠠ ᠴᠦ ᠭᠡᠳ ᠲᠡᠳᠡᠨ ᠤ ᠦᠰᠦᠭ ᠤᠨ ᠤᠨᠢᠰᠤᠭ᠎ᠠ ᠲᠠᠶᠢᠯᠬᠤ ᠴᠢᠳᠠᠪᠤᠷᠢ ᠨᠢ ᠬᠠᠮᠤᠭ ‍ᠤᠨ‌ ᠮᠠᠭᠤ ᠪᠠᠶᠢᠵᠤ᠂ ᠲᠡᠳᠡᠭᠡᠷ ᠠᠮᠠᠷᠠᠬᠰᠠᠨ ᠦᠭᠡᠢ ᠬᠥᠮᠦᠰ ᠲᠠᠢ ᠠᠳᠠᠯᠢᠬᠠᠨ ᠪᠠᠶᠢᠪᠠ᠃ ᠪᠤᠰᠤᠳ ᠠᠮᠠᠷᠠᠬᠤ ᠠᠷᠭ᠎ᠠ ᠶᠢ ᠬᠡᠷᠡᠭᠯᠡᠭᠰᠡᠨ‌‍ ᠬᠦ᠋ᠮᠦᠨ ᠲᠠᠢ ᠬᠠᠷᠢᠴᠠᠭᠤᠯᠪᠠᠯ᠂  ᠭᠠᠷ  ᠤᠲᠠᠰᠤ ᠪᠠᠨ  ᠦᠵᠡᠬᠦ ᠳᠤ   ᠣᠷᠣᠯᠴᠠᠭᠰᠠᠳ ᠤᠨ  ᠦᠯᠡᠳᠡᠭᠰᠡᠨ  ᠡᠭᠦᠷᠭᠡ ᠪᠠᠨ‌‍ᠪᠡᠶᠡᠯᠡᠭᠦᠯᠦᠭᠰᠡᠨ ᠴᠠᠭ ᠨᠢ  ᠪᠤᠰᠤᠳ ᠤᠨ ᠬᠢ ᠠᠴᠠ 19  % ᠪᠠᠷ  ᠤᠷᠳᠤ  ᠪᠠᠶᠢᠵᠤ᠂   ᠥᠰᠥᠭ ᠤᠨ   ᠣᠨᠢᠰᠤᠭ᠎ᠠ ᠵᠢ‌‍ᠲ᠋ᠠᠶᠢᠯᠤᠬᠰᠠᠨ ᠲᠤᠭ᠎ᠠ ᠨᠢ ᠴᠦ 22 % ᠢᠶᠠᠷ ᠪᠠᠭ᠎ᠠ ᠪᠠᠶᠢᠵᠠᠢ᠃

《ᠦᠢᠯᠡ ᠠᠵᠢᠯᠯᠠᠭ᠎ᠠ ᠶᠢᠨ ᠰᠢᠨᠤᠯ  ᠰᠡᠳᠬᠦᠯ》ᠳᠡᠭᠡᠷ᠎ᠡ  ᠨᠡᠶᠢᠳᠡᠯᠡᠭᠰᠡᠨ ᠡᠨᠡᠬᠦ  ᠵᠦᠢᠯ ᠤᠨ ᠰᠤᠳᠤᠯᠭᠠᠨ ᠳ᠋ᠤ᠋‌ᠦᠵᠡᠭᠰᠡᠨ ᠢᠶᠠᠷ᠂ ᠭᠠᠷ ᠤᠲᠠᠰᠤ ᠪᠠᠨ ᠦᠵᠡᠬᠦ ᠨᠢ ᠬᠥᠮᠦᠰ ᠤᠨ ᠮᠡᠳᠡᠭᠡ ᠵᠠᠩᠭᠢ ᠤᠩᠰᠢᠬᠤ᠂ ᠬᠥᠮᠦᠨ ᠲᠠᠢ  ᠵᠣᠭᠤᠭᠳᠠᠬᠤ᠂ ᠰᠢᠨ᠎ᠡ ᠮᠡᠳᠡᠭᠡ ᠵᠠᠩᠭᠢ ᠣᠯᠬᠤ ᠵᠡᠷᠭᠡ ᠪᠤᠳᠤᠯ ᠢ ᠬᠥᠭᠵᠢᠭᠡᠵᠦ᠂ ᠠᠩᠬᠠᠷᠤᠯ ᠢ ᠨᠢ ᠰᠠᠷᠨᠢᠭᠤᠯᠬᠤ ᠬᠡᠮᠵᠢᠶ᠎ᠡ ᠶᠢ ᠨᠡᠮᠡᠭᠳᠡᠭᠦᠯᠳᠡᠭ‌‍ ᠪᠤᠯᠬᠤᠷ ᠬᠥᠮᠦᠰ ᠤᠨ ᠠᠩᠬᠠᠷᠤᠯ ᠢ ᠠᠵᠢᠯ ᠡᠭᠦᠷᠭᠡ ᠳᠡᠭᠡᠷ᠎ᠡ ᠨᠢ ᠲᠥᠪᠯᠡᠷᠡᠭᠦᠯᠬᠦ ᠳᠤ ᠪᠡᠷᠭᠡᠳᠡᠢ ᠪᠣᠯᠭᠠᠳᠠᠭ ᠬᠡᠪᠡ᠃ ᠡᠶᠢᠮᠦ ᠡᠴᠠ‌ ᠠᠮᠠᠷᠠᠬᠤ ᠦᠶᠡᠰ ᠰᠠᠶᠢᠳᠤᠷ ᠠᠮᠠᠷᠴᠤ᠂ ᠭᠠᠷ ᠤᠲᠠᠰᠤ ᠪᠠᠨ ᠪᠢᠲᠡᠭᠡᠶ ᠦᠵᠡᠭᠡᠷᠡᠢ᠃

ᠢᠷᠡᠯᠳᠡ : 

    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ