b521bde1-0f3e-4cc2-a7b0-4367c49c446c.jpg

ᠴᠠᠬ ᠦᠶ᠎ᠡ ᠤᠷᠠᠯᠢᠭ ᠤᠨ ᠢᠯᠡᠷᠡᠬᠦᠯᠦᠯ ᠢ ᠱᠠᠭᠠᠷᠲᠠᠵᠦ᠂ ᠤᠷᠠᠯᠢᠭ ᠨᠢ ᠴᠠᠭ ᠦᠶ᠎ᠡ ᠶᠢᠨ ᠵᠤᠷᠢᠭ ᠰᠠᠨᠠᠭ᠎ᠠ ᠶᠢ ᠤᠷᠢᠶᠠᠯᠠᠨ᠎ᠠ᠃ ᠬᠤᠶᠠᠲᠤᠭᠠᠷ ᠬᠤᠭᠤᠴᠠᠭᠠᠨ ᠤ ᠲᠤᠮᠲᠠᠲᠦ ᠤᠯᠤᠰ ᠤᠨ ᠠᠲᠤᠭᠤᠨ ᠰᠤᠶᠤᠯ ᠤᠨ ᠨᠠᠶᠢᠷ ᠵᠢᠴᠢ ᠠᠩᠬᠠᠲᠤᠭᠠᠷ ᠬᠤᠭᠤᠴᠠᠭᠠᠨ ᠤ ᠦᠪᠦᠷ ᠮᠤᠩᠭᠤᠯ ᠤᠨ ᠠᠲᠤᠭᠤᠨ ᠰᠤᠶᠤᠯ ᠤᠨ ᠦᠵᠡᠰᠬᠦᠯᠡᠩ ᠤᠨ ᠴᠢᠬᠤᠯᠠ ᠠᠭᠤᠯᠭ᠎ᠠ ᠪᠤᠯᠬᠤ 《2019 ᠲᠤᠰᠤᠨ ᠵᠢᠷᠤᠭ᠂ ᠱᠤᠭᠤᠮᠠᠯ᠂ ᠭᠡᠷᠡᠯ ᠵᠢᠷᠤᠭ᠂ ᠮᠤᠩᠭᠤᠯ ᠬᠢᠲᠠᠳ ᠤᠷᠠᠨ ᠪᠢᠴᠢᠯᠬᠡ ᠲᠠᠮᠠᠭ᠎ᠠ ᠰᠡᠶᠢᠯᠦᠮᠡᠯ᠂ ᠭᠡᠦᠭᠡᠳ ᠪᠠᠭᠠᠴᠤᠳ ᠤᠨ ᠵᠢᠷᠤᠭ ᠤᠨ ᠪᠦᠲᠦᠭᠡᠯ ᠤᠨ ᠦᠵᠡᠰᠬᠦᠯᠡᠩ》 ᠪᠠ 《<ᠨᠢᠬᠡ> ᠠᠲᠤᠭᠤᠨ ᠰᠤᠶᠤᠯ ᠤᠨ ᠪᠦᠲᠦᠭᠡᠭᠳᠡᠬᠦᠨ ᠬᠢᠬᠡᠳ ᠮᠤᠷᠢᠨ ᠤ ᠡᠳ᠋ᠯᠡᠯ ᠭᠡᠷᠡᠭᠰᠡᠯ ᠮᠤᠩᠭᠤᠯ ᠦᠨᠲᠦᠰᠦᠳᠡᠨ ᠤ ᠬᠤᠪᠴᠠᠰᠦ ᠵᠠᠰᠠᠯ ᠤᠨ ᠦᠵᠡᠰᠬᠦᠯᠡᠩ》 ᠤᠢᠢᠷ᠎ᠠ ᠶᠢᠨ ᠡᠲᠦᠷ ᠬᠦᠬᠡᠬᠤᠲᠠᠨ᠎ᠠ ᠶᠠᠪᠤᠬᠲᠠᠵᠦ᠂ 《ᠮᠤᠩᠭᠤᠯ ᠮᠤᠷᠢᠨ ᠤ ᠵᠤᠷᠢᠭ ᠰᠠᠨᠠᠭ᠎ᠠ》 ᠶᠢ ᠪᠠᠲᠠᠷᠠᠭᠤᠯᠵᠦ᠂ ᠤᠷᠠᠯᠢᠭ ᠪᠦᠲᠦᠭᠡᠯ ᠤᠨ ᠴᠠᠭ ᠦᠶ ᠎ᠡ ᠶᠢᠨ ᠵᠤᠷᠢᠭ ᠰᠠᠨᠠᠭ᠎ᠠ᠂ ᠰᠢᠨ᠎ᠡ ᠴᠠᠭ ᠦᠶ᠎ᠡ ᠶᠢᠨ ᠰᠢᠨ᠎ᠡ ᠲᠦᠷᠢ ᠲᠦᠷᠬᠦ᠂ ᠦᠪᠦᠷ ᠮᠤᠩᠭᠤᠯ ᠤᠨ ᠰᠢᠨ᠎ᠡ ᠬᠦᠭᠵᠢᠯᠳᠡ ᠶᠢ ᠲᠠᠯ᠎ᠠ ᠲᠠᠯ᠎ᠠ ᠠᠴᠠ ᠨᠢ ᠬᠠᠷᠠᠭᠤᠯᠵᠦ ᠪᠢᠯᠡ᠃

8 ᠰᠠᠷ᠎ᠠ ᠶᠢᠨ 8 ᠤ ᠡᠲᠦᠷ ᠠᠴᠠ 8 ᠰᠠᠷ᠎ᠠ ᠶᠢᠨ 31 ᠤ ᠡᠲᠦᠷ ᠪᠤᠯᠲᠠᠯ᠎ᠠ ᠦᠷᠬᠦᠯᠵᠢᠯᠡᠬᠦ 《ᠮᠤᠩᠭᠤᠯ ᠮᠤᠷᠢᠨ ᠤ ᠵᠤᠷᠢᠭ ᠰᠠᠨᠠᠭ᠎ᠠ ᠶᠢ ᠪᠠᠲᠠᠷᠠᠭᠤᠯᠰᠤᠭᠠᠢ》 ᠤᠳᠬ᠎ᠠ ᠤᠷᠠᠯᠢᠭ ᠤᠨ ᠰᠤᠲᠤᠨ ᠪᠦᠲᠦᠭᠡᠯ ᠤᠨ ᠵᠤᠬᠢᠶᠠᠨ ᠪᠦᠲᠦᠭᠡᠯᠭᠡ ᠶᠢᠨ ᠢᠨᠵᠧᠨᠧᠷᠢᠩ — 2019 ᠲᠤᠰᠤᠨ ᠵᠢᠷᠤᠭ᠂ ᠱᠤᠭᠤᠮᠠᠯ᠂ ᠭᠡᠷᠡᠯ ᠵᠢᠷᠤᠭ᠂ ᠮᠤᠩᠭᠤᠯ ᠬᠢᠲᠠᠳ ᠤᠷᠠᠨ ᠪᠢᠴᠢᠯᠬᠡ ᠲᠠᠮᠠᠭ᠎ᠠ ᠰᠡᠶᠢᠯᠦᠮᠡᠯ᠂ ᠭᠡᠦᠭᠡᠳ ᠪᠠᠭᠠᠴᠤᠳ ᠤᠨ ᠵᠢᠷᠤᠭ ᠤᠨ ᠪᠦᠲᠦᠭᠡᠯ ᠤᠨ ᠦᠵᠡᠰᠬᠦᠯᠡᠩ ᠦᠪᠦᠷ ᠮᠤᠩᠭᠤᠯ ᠤᠨ ᠤᠷᠠᠨ ᠵᠢᠷᠤᠭ ᠤᠨ ᠤᠷᠲᠤᠨ ᠳᠤ ᠶᠠᠪᠤᠭᠲᠠᠵᠦ ᠤᠷᠤᠨ ᠤ ᠲᠦᠪ ᠤᠨ ᠦᠵᠡᠭᠴᠢᠳ ᠤᠨ ᠠᠩᠬᠠᠷᠤᠯ ᠢ ᠲᠠᠲᠠᠵᠦ ᠪᠠᠶᠢᠨ᠎ᠠ᠃  

 ᠬᠡᠦᠬᠡᠳ ᠪᠠᠭᠠᠴᠤᠳ ᠦᠡᠭᠭᠡ ᠶᠢᠨ ᠪᠢᠷ ᠢᠶᠠᠷ ᠰᠡᠳᠬᠢᠯ ᠵᠢᠷᠦᠬᠡᠨ ᠳᠠᠬᠢ ᠮᠤᠩᠭᠤᠯ ᠮᠤᠷᠢ ᠪᠠᠨ ᠵᠢᠷᠤᠭᠯᠠᠵᠦ᠂ ᠱᠤᠭᠤᠮᠠᠯ ᠰᠡᠶᠢᠯᠦᠮᠡᠯ ᠨᠢ ᠴᠤᠴᠠᠰᠢ ᠦᠬᠡᠢ ᠤᠷᠤᠭᠰᠢᠯᠠᠬᠤ ᠮᠤᠩᠭᠤᠯ ᠮᠤᠷᠢᠨ ᠤ ᠴᠤᠭ ᠵᠢᠪᠬᠤᠭ᠎ᠠ ᠶᠢ ᠱᠤᠭᠤᠨ᠂ ᠭᠡᠷᠡᠯ ᠵᠢᠷᠤᠭ᠂ ᠤᠷᠠᠨ ᠪᠢᠴᠢᠯᠬᠡ ᠨᠢ ᠮᠤᠩᠭᠤᠯ ᠮᠤᠷᠢ ᠪᠠ ᠮᠤᠩᠭᠤᠯ ᠬᠦᠮᠦᠨ ᠤ ᠬᠠᠶᠢᠷ᠎ᠠ ᠰᠡᠳᠬᠢᠯᠬᠡ ᠲᠡᠦᠭᠡᠨ ᠬᠤᠪᠢ ᠪᠠᠷᠢᠯᠲᠤᠯᠭ᠎ᠠ ᠶᠢ ᠪᠤᠰᠤᠳᠴᠢ ᠪᠠᠷ ᠬᠠᠷᠠᠭᠤᠯᠤᠨ᠎ᠠ᠃ 《ᠵᠤᠨ ᠤ ᠠᠮᠠᠷᠠᠯᠲᠠ ᠲᠤᠬᠢᠶᠠᠭᠰᠠᠨ ᠪᠤᠯᠬᠤᠷ ᠪᠢ ᠬᠡᠦᠬᠡᠳ ᠢᠶᠠᠨ ᠲᠠᠭᠠᠭᠤᠯᠤᠭᠠᠳ ᠦᠵᠡᠰᠬᠦᠯᠡᠩ ᠢ ᠰᠤᠨᠢᠷᠬᠠᠬᠤ ᠪᠠᠷ ᠢᠷᠡᠯ᠎ᠡ᠃ ᠮᠢᠨᠦ ᠬᠦᠦ ᠵᠢᠷᠤᠭ ᠵᠢᠷᠤᠬᠤ ᠲᠤᠷᠠᠲᠠᠢ᠂ ᠦᠵᠡᠰᠬᠦᠯᠡᠩ ᠳᠠᠬᠢ ᠤᠷᠠᠨ ᠵᠢᠷᠤᠭ᠂ ᠱᠤᠭᠤᠮᠠᠯ ᠵᠡᠷᠭᠡ ᠨᠢ ᠲᠡᠬᠦᠨ ᠤ ᠠᠩᠬᠠᠷᠤᠯ ᠢ ᠮᠠᠰᠢ ᠲᠠᠲᠠᠬᠰᠠᠨ᠃ ᠮᠤᠩᠭᠤᠯ ᠮᠤᠷᠢᠨ ᠤ ᠵᠤᠷᠢᠭ ᠰᠠᠨᠠᠭ᠎ᠠ ᠶᠢ ᠪᠠᠲᠠᠷᠠᠭᠤᠯᠬᠤ ᠭᠡᠷᠡᠭᠳᠡᠢ ᠭᠡᠵᠦ ᠵᠠᠭᠤᠴᠢᠯᠠᠭᠤᠷ ᠮᠡᠳᠡᠭᠡᠯᠡᠯ ᠠᠴᠠ ᠪᠢ ᠤᠯᠠᠨᠲᠠ ᠬᠠᠷᠠᠵᠦ ᠰᠤᠨᠤᠰᠴᠦ ᠪᠠᠶᠢᠬᠰᠠᠨ᠃ ᠮᠤᠷᠢ ᠬᠡᠬᠦ ᠡᠨᠡ ᠬᠦ ᠰᠡᠷᠬᠦᠯᠡᠩ ᠠᠮᠢᠲᠠᠨ ᠢ ᠲᠠᠨᠢᠵᠦ᠂ ᠤᠢᠢᠯᠠᠭᠠᠬᠤ ᠨᠢ ᠮᠠᠰᠢ ᠴᠢᠬᠤᠯᠠ ᠭᠡᠵᠦ ᠪᠢ ᠦᠵᠡᠵᠦ ᠪᠠᠶᠢᠨ᠎ᠠ》 ᠭᠡᠵᠦ ᠦᠵᠡᠰᠬᠦᠯᠡᠩ ᠢ ᠲᠤᠭᠤᠷᠢᠨ ᠦᠵᠡᠵᠦ ᠪᠠᠶᠢᠬᠰᠠᠨ ᠬᠦᠬᠡᠬᠤᠲᠠ ᠶᠢᠨ ᠯᠢ ᠤᠪᠤᠭᠲᠤ ᠠᠪᠤᠭᠠᠢ ᠶᠠᠷᠢᠵᠦ ᠪᠠᠶᠢᠯ᠎ᠠ᠃ 

ᠲᠤᠰ ᠦᠵᠡᠰᠬᠦᠯᠡᠩ ᠢ ᠬᠠᠭᠠᠰ ᠵᠢᠯ ᠰᠢᠬᠠᠮ ᠴᠠᠭ ᠢ ᠵᠠᠷᠤᠴᠠᠭᠤᠯᠤᠨ ᠪᠠᠶᠢᠵᠦ᠂ ᠪᠦᠬᠦ ᠲᠡᠯᠡᠭᠡᠢ ᠶᠢᠨ ᠬᠡᠪᠴᠢᠶᠡᠨ ᠠᠴᠠ ᠲᠦᠮᠡ ᠰᠢᠬᠠᠮ ᠲᠤᠰᠤᠨ ᠪᠤᠲᠤᠭ ᠤᠨ ᠵᠢᠷᠤᠭ᠂ ᠱᠤᠭᠤᠮᠠᠯ᠂ ᠭᠡᠷᠡᠯ ᠵᠢᠷᠤᠭ᠂ ᠮᠤᠩᠭᠤᠯ ᠬᠢᠲᠠᠳ ᠤᠷᠠᠨ ᠪᠢᠴᠢᠯᠬᠡ᠂ ᠲᠠᠮᠠᠭ᠎ᠠ ᠰᠡᠶᠢᠯᠦᠮᠡᠯ᠂ ᠬᠡᠦᠬᠡᠳ ᠪᠠᠭᠠᠴᠤᠳ ᠤᠨ ᠵᠢᠷᠤᠭ ᠤᠨ ᠪᠦᠲᠦᠭᠡᠯ ᠤᠳ ᠢ ᠡᠯᠰᠡᠨ ᠴᠤᠭᠯᠠᠭᠤᠯᠵᠦ᠂ ᠮᠡᠷᠭᠡᠵᠢᠯᠳᠡᠳ ᠤᠨ ᠲᠤᠭᠤᠢᠢᠯᠠᠩ ᠠᠴᠠ ᠠᠩᠬᠠᠨ ᠤ ᠰᠢᠯᠭᠠᠷᠠᠭᠤᠯᠤᠯᠲᠠ᠂ ᠲᠠᠬᠢᠨ ᠰᠢᠯᠭᠠᠷᠠᠭᠤᠯᠤᠯᠲᠠ ᠪᠠ ᠡᠴᠦᠰ ᠤᠨ ᠰᠢᠯᠭᠠᠷᠠᠭᠤᠯᠤᠯᠲᠠ ᠬᠢᠬᠦ ᠪᠠᠷ ᠲᠠᠮᠵᠢᠨ᠂ 160 ᠲᠤᠰᠤᠨ ᠪᠤᠳᠤᠭ ᠤᠨ ᠵᠢᠷᠤᠭ᠂ 100 ᠱᠤᠭᠤᠮᠠᠯ᠂ 200 ᠭᠡᠷᠡᠯ ᠵᠢᠷᠤᠭ᠂ 200 ᠮᠤᠩᠭᠤᠯ ᠬᠢᠲᠠᠳ ᠤᠷᠠᠨ ᠪᠢᠴᠢᠯᠬᠡ ᠲᠠᠮᠠᠭ᠎ᠠ ᠰᠡᠶᠢᠯᠦᠮᠡᠯ᠂ 210 ᠬᠤᠪᠢ ᠬᠡᠦᠬᠡᠳ ᠪᠠᠭᠠᠴᠤᠳ ᠤᠨ ᠵᠢᠷᠤᠭ ᠤᠨ ᠪᠦᠲᠦᠭᠡᠯ ᠤᠳ ᠢ ᠰᠤᠩᠭᠤᠨ ᠭᠠᠷᠭᠠᠵᠦ ᠦᠵᠡᠰᠬᠦᠯᠡᠩ ᠳᠡᠭᠡᠨ ᠲᠡᠯᠭᠡᠨ ᠦᠵᠡᠬᠦᠯᠦᠭᠰᠡᠨ ᠪᠠᠶᠢᠨ᠎ᠠ᠃ ᠡᠳᠡᠭᠡᠷ ᠪᠦᠲᠦᠭᠡᠯ ᠤᠳ ᠨᠢ ᠪᠦᠷ ᠦᠷᠭᠡᠨ ᠤᠯᠠᠨ ᠤᠷᠠᠯᠢᠬᠴᠢᠳ ᠤᠨ ᠮᠤᠩᠭᠤᠯ ᠮᠤᠷᠢᠨ ᠤ ᠲᠤᠲᠤᠭᠠᠲᠦ ᠤᠳᠬ᠎ᠠ ᠰᠠᠨᠠᠭ᠎ᠠ ᠪᠠ ᠵᠠᠩ ᠴᠢᠨᠠᠷ ᠢ ᠮᠠᠬᠲᠠᠨ ᠲᠠᠭᠤᠯᠠᠬᠰᠠᠨ ᠰᠢᠯᠢᠳᠡᠭ ᠪᠦᠲᠦᠭᠡᠯ ᠪᠠᠶᠢᠵᠦ᠂ ᠤᠯᠠᠨ ᠵᠦᠢᠯ ᠤᠨ ᠤᠷᠠᠯᠢᠭ ᠤᠨ ᠠᠷᠭ᠎ᠠ ᠬᠡᠯᠪᠡᠷᠢ ᠶᠢ ᠠᠰᠢᠬᠯᠠᠨ᠂ 《ᠮᠤᠩᠭᠤᠯ ᠮᠤᠷᠢᠨ ᠤ ᠵᠤᠷᠢᠭ ᠰᠠᠨᠠᠭ᠎ᠠ》 ᠶᠢ ᠮᠠᠬᠲᠠᠨ ᠲᠠᠭᠤᠯᠠᠵᠦ᠂ ᠰᠢᠨ᠎ᠡ ᠴᠠᠭ ᠦᠶ᠎ᠡ ᠶᠢᠨ ᠠᠮᠵᠢᠯᠲᠠ ᠪᠦᠲᠦᠮᠵᠢ᠂ ᠰᠢᠨ᠎ᠡ ᠲᠦᠷᠢ ᠲᠦᠷᠬᠦ ᠶᠢ ᠲᠤᠰᠬᠠᠨ ᠬᠠᠷᠠᠭᠤᠯᠤᠬᠰᠠᠨ ᠪᠠᠶᠢᠨ᠎ᠠ᠃

8 ᠰᠠᠷ᠎ᠠ ᠶᠢᠨ 18 ᠤ ᠡᠲᠦᠷ᠂ 《ᠵᠢᠷᠭᠠᠯᠠᠩᠲᠦ ᠲᠠᠯ᠎ᠠ ᠨᠤᠲᠤᠭ — ᠮᠤᠩᠭᠤᠯ ᠮᠤᠷᠢ》 ᠪᠠᠷ ᠰᠡᠲᠦᠪᠯᠡᠭᠰᠡᠨ 《<ᠨᠢᠬᠡ ᠪᠦᠰᠡ ᠨᠢᠬᠡ ᠵᠠᠮ> ᠠᠲᠤᠭᠤᠨ ᠰᠤᠶᠤᠯ ᠤᠨ ᠪᠦᠲᠦᠭᠡᠭᠳᠡᠬᠦᠨ ᠬᠢᠬᠡᠳ ᠮᠤᠷᠢᠨ ᠤ ᠡᠳ᠋ᠯᠡᠯ ᠭᠡᠷᠡᠭᠰᠡᠯ ᠮᠤᠩᠭᠤᠯ ᠦᠨᠲᠦᠰᠦᠳᠡᠨ ᠤ ᠬᠤᠪᠴᠠᠰᠦ ᠵᠠᠰᠠᠯ ᠤᠨ ᠦᠵᠡᠰᠬᠦᠯᠡᠩ》 ᠬᠦᠬᠡᠬᠤᠲᠠ ᠶᠢᠨ ᠵᠤᠤ ᠵᠢᠶᠦ᠋ᠨ ᠮᠦᠽᠸᠢ ᠳᠤ ᠶᠠᠪᠤᠭᠲᠠᠪᠠ᠃

ᠲᠤᠰ ᠦᠵᠡᠰᠬᠦᠯᠡᠩ ᠢ 《ᠮᠤᠩᠭᠤᠯ ᠮᠤᠷᠢᠨ ᠤ ᠭᠤᠸ᠎ᠠ ᠰᠠᠶᠢᠬᠠᠨ ᠤ ᠲᠤᠪᠴᠢ ᠲᠡᠦᠭᠡ》᠂ 《ᠴᠢᠯᠠᠭᠤᠨ ᠵᠡᠪᠰᠡᠭ ᠤᠨ ᠡᠷᠢᠯ ᠬᠠᠶᠢᠯᠲᠠ》᠂ 《ᠪᠢᠴᠢᠭᠡᠰᠦ ᠰᠡᠶᠢᠯᠪᠦᠷᠢ ᠪᠠᠷ ᠪᠠᠷᠢᠮᠲᠠ ᠪᠤᠯᠭᠠᠰᠤᠭᠠᠢ — ᠡᠳ᠋ᠯᠡᠯ ᠭᠡᠷᠡᠭᠰᠡᠯ ᠲᠡᠭᠡᠷᠡᠬᠢ ᠮᠤᠩᠭᠤᠯ ᠮᠤᠷᠢ》᠂ 《ᠮᠠᠯᠵᠢᠯ ᠠᠩᠨᠠᠯ ᠳᠤ ᠠᠭᠤᠯᠵᠠᠬᠰᠠᠨ ᠰᠡᠳᠬᠢᠯᠬᠡ》᠂ 《ᠲᠠᠯ᠎ᠠ ᠶᠢᠨ ᠲᠠᠷᠬᠠᠨ ᠠᠯᠲᠠᠷ — ᠬᠤᠪᠴᠠᠰᠦ ᠵᠠᠰᠠᠯ ᠪᠤᠯᠤᠨ ᠮᠤᠩᠭᠤᠯ ᠮᠤᠷᠢ》᠂ 《ᠦᠨᠢ ᠮᠦᠡᠭᠭᠡ ᠶᠢᠨ ᠵᠤᠷᠢᠭ ᠰᠠᠨᠠᠭ᠎ᠠ — ᠤᠷᠠᠯᠢᠭ ᠲᠤ ᠠᠮᠢᠯᠠᠬᠰᠠᠨ ᠮᠤᠩᠭᠤᠯ ᠮᠤᠷᠢ》᠂ 《ᠲᠠᠯ᠎ᠠ ᠨᠤᠲᠤᠭ ᠤᠨ ᠲᠤᠷᠭᠠᠨ ᠵᠠᠮ — ᠬᠦᠷᠰᠢ ᠵᠡᠷᠭᠡᠯᠡᠳᠡᠭᠡ ᠤᠯᠤᠰ ᠤᠷᠤᠨ ᠤ ᠠᠲᠤᠭᠤ ᠪᠤᠯᠤᠨ ᠲᠡᠬᠦᠨ ᠤ ᠵᠠᠰᠠᠯ ᠴᠢᠮᠡᠭᠯᠡᠯ ᠤᠨ ᠤᠷᠠᠯᠢᠭ》 ᠵᠡᠷᠭᠡ 7 ᠠᠭᠤᠯᠭ᠎ᠠ ᠪᠠᠷ ᠲᠦᠰᠦᠪᠯᠡᠭᠰᠡᠨ ᠪᠠᠶᠢᠨ᠎ᠠ᠃    

ᠡᠮᠡᠬᠡᠯ ᠴᠤᠯᠪᠤᠭᠤᠷ᠂ ᠮᠤᠷᠢ ᠤᠰᠤᠯᠠᠬᠤ ᠤᠡᠭᠭᠤᠴᠠ᠂ ᠤᠶᠠᠭᠠᠨ ᠤ ᠱᠤᠩ ᠵᠡᠷᠭᠡ ᠨᠢ ᠮᠤᠷᠢᠨ ᠤ ᠵᠠᠩ ᠦᠢᠯᠡ ᠳᠤ ᠰᠤᠨᠢᠷᠬᠠᠯ ᠲᠠᠢ ᠦᠵᠡᠭᠴᠢᠳ ᠤᠨ ᠠᠩᠬᠠᠷᠤᠯ ᠢ ᠲᠠᠲᠠᠵᠦ᠂ ᠮᠤᠷᠢᠨ ᠤ ᠲᠤᠬᠠᠢ ᠱᠤᠭᠤᠮᠠᠯ ᠰᠡᠶᠢᠯᠦᠮᠡᠯ᠂ ᠤᠷᠠᠨ ᠵᠢᠷᠤᠭ ᠤᠳ ᠨᠢ ᠮᠤᠩᠭᠤᠯ ᠮᠤᠷᠢᠨ ᠤ ᠰᠦᠷ ᠰᠦᠯᠳᠡ ᠴᠤᠭ ᠵᠢᠪᠬᠤᠭ᠎ᠠ ᠶᠢ ᠬᠠᠷᠠᠭᠤᠯᠤᠨ᠎ᠠ᠃ ᠮᠤᠩᠭᠤᠯ ᠬᠤᠪᠴᠠᠰᠦ ᠵᠠᠰᠠᠯ ᠪᠤᠯ ᠲᠤᠰ ᠤᠲᠠᠭᠠᠨ ᠤ ᠦᠵᠡᠰᠬᠦᠯᠡᠩ ᠤᠨ ᠪᠠᠰᠠ ᠨᠢᠬᠡᠨ ᠬᠢᠯᠠᠰ ᠴᠡᠭ ᠪᠤᠯᠤᠨ᠎ᠠ᠃ ᠨᠠᠪᠴᠢ ᠴᠡᠴᠡᠭ ᠬᠠᠳᠬᠤᠬᠰᠠᠨ ᠲᠠᠮᠠᠬᠢᠨ ᠤᠭᠤᠲᠠ᠂ ᠨᠠᠷᠢᠯᠢᠭ ᠬᠢᠴᠡ ᠲᠠᠢ ᠮᠠᠯᠠᠭᠠᠢ ᠭᠤᠲᠤᠯ᠂ ᠤᠷᠤᠨ ᠨᠤᠲᠤᠭ ᠤᠨ ᠤᠨᠴᠠᠯᠢᠭ ᠲᠠᠢ ᠦᠡᠭᠭᠡ ᠪᠦᠷᠢ ᠶᠢᠨ ᠲᠡᠷᠯᠢᠭ ᠤᠳ ᠨᠢ ᠮᠤᠩᠭᠤᠯ ᠰᠤᠶᠤᠯ ᠤᠨ ᠲᠠᠲᠠᠬᠤ ᠬᠦᠴᠦᠨ᠂ ᠮᠤᠩᠭᠤᠯ ᠬᠤᠪᠴᠠᠰᠦ ᠵᠠᠰᠠᠯ ᠤᠨ ᠰᠤᠶᠤᠯ ᠤᠨ ᠦᠪᠡᠷᠮᠢᠴᠡ ᠭᠤᠸ᠎ᠠ ᠰᠠᠶᠢᠬᠠᠨ ᠢ ᠭᠠᠶᠢᠬᠠᠭᠤᠯᠤᠨ᠎ᠠ᠃

ᠲᠤᠰ ᠤᠲᠠᠭᠠᠨ ᠤ ᠦᠵᠡᠰᠬᠦᠯᠡᠩ ᠳᠤ ᠲᠡᠯᠭᠡᠨ ᠦᠵᠡᠬᠦᠯᠬᠦ 3000 ᠭᠠᠷᠤᠢ ᠲᠦᠷᠦᠯ ᠤᠨ ᠪᠦᠲᠦᠭᠡᠯ ᠳᠤ᠂ ᠠᠷᠠᠳ ᠤᠨ ᠲᠤᠮᠲᠠ ᠠᠴᠠ ᠬᠤᠷᠢᠶᠠᠨ ᠬᠠᠲᠠᠭᠠᠯᠠᠬᠰᠠᠨ ᠬᠠᠲᠠᠨ ᠵᠢᠷᠤᠭ᠂ ᠬᠦᠷᠡᠯ ᠵᠡᠪᠰᠡᠭ ᠵᠡᠷᠭᠡ ᠬᠠᠭᠤᠴᠢᠨ ᠤ ᠪᠤᠲᠠᠰ ᠠᠴᠠ ᠭᠠᠲᠠᠨ᠎ᠠ ᠤᠷᠠᠯᠢᠬᠴᠢᠳ ᠵᠢᠷᠤᠬᠴᠢᠳ ᠤᠨ ᠤᠢᠢᠷ᠎ᠠ ᠳᠤ ᠵᠤᠬᠢᠶᠠᠨ ᠪᠦᠲᠦᠭᠡᠭᠰᠡᠨ ᠤᠷᠠᠯᠢᠭ ᠤᠨ ᠪᠦᠲᠦᠭᠡᠯ ᠴᠤ ᠪᠠᠭᠲᠠᠵᠦ ᠪᠤᠢ᠃ ᠦᠵᠡᠰᠬᠦᠯᠡᠩ ᠡᠬᠢᠯᠡᠭᠰᠡᠨ ᠲᠤᠰ ᠡᠲᠦᠷ ᠲᠤ ᠨᠡᠶᠢᠳᠡ 1000 ᠭᠠᠷᠤᠢ ᠪᠦᠲᠦᠭᠡᠯ ᠢ ᠲᠡᠯᠭᠡᠨ ᠦᠵᠡᠬᠦᠯᠵᠦ᠂ ᠪᠤᠰᠤᠳ ᠪᠦᠲᠦᠭᠡᠯ ᠢ ᠨᠢ 9 ᠰᠠᠷ᠎ᠠ ᠶᠢᠨ 2 ᠤ ᠤᠷᠴᠢᠮ ᠢᠶᠠᠷ ᠦᠵᠡᠭᠴᠢᠳ ᠲᠠᠢ ᠵᠤᠯᠭᠠᠭᠤᠯᠬᠤ ᠪᠤᠯᠤᠨ᠎ᠠ᠃

ᠮᠤᠷᠢ ᠪᠤᠯ ᠬᠦᠮᠦᠨ ᠲᠦᠷᠦᠯᠬᠢᠳᠡᠨ ᠤ ᠲᠡᠦᠭᠡᠨ ᠳᠤ ᠪᠠᠯᠠᠷᠠᠰᠢ ᠦᠬᠡᠢ ᠭᠠᠪᠢᠶ᠎ᠡ ᠵᠢᠳᠬᠦᠯ ᠦᠵᠡᠬᠦᠯᠦᠭᠰᠡᠨ ᠲᠠᠶᠢᠴᠢᠨ ᠬᠠᠨᠢ ᠲᠤᠲᠤᠨᠤ ᠨᠦᠬᠦᠷ ᠮᠦᠨ ᠪᠦᠬᠡᠳ ᠰᠢᠨ᠎ᠡ ᠴᠠᠭ ᠦᠶ ᠎ᠡ ᠶᠢᠨ ᠴᠤᠴᠠᠰᠢ ᠦᠬᠡᠢ ᠲᠡᠮᠡᠴᠡᠬᠦ ᠵᠤᠷᠢᠭ ᠰᠠᠨᠠᠭᠠᠨ ᠤ ᠪᠡᠯᠭᠡᠳᠡᠯ ᠪᠤᠯᠬᠤ ᠶᠤᠮ᠃ ᠲᠤᠰ ᠬᠤᠶᠠᠷ ᠦᠵᠡᠰᠬᠦᠯᠡᠩ ᠨᠢ ᠮᠤᠩᠭᠤᠯ ᠮᠤᠷᠢ ᠪᠠᠷ ᠠᠴᠢᠶᠠᠯᠠᠬᠴᠢ ᠪᠤᠯᠭᠠᠵᠦ᠂ ᠮᠤᠩᠭᠤᠯ ᠠᠮᠢᠲᠤᠷᠠᠯ᠂ ᠮᠤᠩᠭᠤᠯ ᠰᠤᠶᠤᠯ ᠂ ᠬᠦᠮᠦᠨ ᠪᠤᠯᠤᠨ ᠮᠤᠷᠢᠨ ᠤ ᠬᠤᠭᠤᠷᠤᠨᠲᠤᠬᠢ ᠡᠶ᠎ᠡ ᠵᠤᠬᠢᠴᠠᠯᠳᠤ ᠬᠠᠷᠢᠴᠠᠭ᠎ᠠ ᠶᠢ ᠲᠤᠰᠬᠠᠵᠤ᠂ ᠰᠤᠶᠤᠯ ᠤᠷᠠᠯᠢᠭ ᠢᠶᠠᠷ ᠴᠠᠭ ᠦᠶ᠎ᠡ ᠶᠢᠨ ᠵᠤᠷᠢᠭ ᠰᠠᠨᠠᠭ᠎ᠠ ᠶᠢ ᠪᠦᠷᠢᠨ ᠰᠠᠶᠢᠬᠠᠨ ᠬᠠᠷᠠᠭᠤᠯᠵᠦ ᠴᠢᠲᠠᠬᠰᠠᠨ ᠪᠠᠶᠢᠨ᠎ᠠ᠃ (ᠪᠤᠷᠮ᠎ᠠ)

c00a2905-5f47-4f78-8470-f98af18c033b.jpg

a7a722c3-3b17-48a5-8021-c23e4fbbc4fa.jpg


ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ