32f804f9-d0fc-4f44-93e1-667314845e0d.jpg

18 ᠤ ᠦᠳᠡ ᠡᠴᠡ ᠬᠤᠶᠢᠰᠢ᠂ ᠮᠠᠨ ᠤ ᠤᠯᠤᠰ ᠤᠨ ᠠᠳᠤᠭᠤᠨ ᠰᠤᠶᠤᠯ ᠤᠨ ᠭᠤᠤᠯ ᠰᠡᠳᠤᠪᠳᠤ ᠠᠩᠬᠠᠨ ᠤ ᠰᠢᠤᠳᠠᠨ ᠤ ᠲᠤᠪᠴᠢᠶ᠎ᠠ ᠦᠪᠦᠷ ᠮᠤᠩᠭ᠋ᠤᠯ ᠤᠨ ᠬᠦᠬᠡᠬᠤᠳᠠ ᠳᠤ ᠪᠠᠶᠢᠭᠤᠯᠤᠭᠳᠠᠪᠠ᠃

ᠲᠤᠰ ᠭᠤᠤᠯ ᠰᠡᠳᠤᠪᠳᠤ ᠰᠢᠤᠳᠠᠨ ᠤ ᠲᠤᠪᠴᠢᠶᠠᠨ ᠤ ᠪᠠᠷᠢᠯᠭ᠎ᠠ ᠶᠢᠨ ᠵᠠᠭᠪᠤᠷ ᠨᠢ ᠮᠤᠩᠭ᠋ᠤᠯ ᠬᠡᠷ᠂ ᠦᠨᠳᠦᠰᠦᠳᠡᠨ ᠤ ᠦᠪᠡᠷᠮᠢᠴᠡ ᠰᠤᠶᠤᠯ ᠤᠨ ᠪᠦᠲᠦᠭᠡᠭᠳᠡᠬᠦᠨ᠂ ᠵᠠᠬᠢᠳᠠᠯ ᠤᠨ ᠺᠠᠷᠲ᠂ ᠮᠡᠨᠳᠤᠴᠢᠯᠡᠬᠡ ᠶᠢᠨ ᠺᠠᠷᠲ᠂ ᠨᠤᠮ ᠤᠨ ᠱᠤᠰᠢᠭ᠎ᠠ᠂ ᠲᠤᠷᠠᠰᠬᠠᠯᠳᠤ ᠵᠠᠬᠢᠳᠠᠯ ᠤᠨ ᠬᠠᠭᠤᠳᠠᠰᠤ ᠵᠢᠴᠢ ᠠᠮᠢᠳᠤᠷᠠᠯ ᠤᠨ ᠬᠡᠷᠡᠭᠰᠡᠯ ᠢ ᠪᠠᠭᠳᠠᠭᠠᠨ ᠲᠦᠪᠯᠡᠷᠡᠩᠬᠦᠢ ᠲᠡᠯᠬᠡᠨ ᠦᠵᠡᠬᠦᠯᠬᠦ ᠶᠢᠨ ᠬᠠᠮᠳᠤ ᠪᠤᠷᠤᠯᠠᠭᠤᠯᠵᠤ ᠪᠠᠶᠢᠳᠠᠭ᠃ ᠡᠳᠡᠬᠡᠷ ᠰᠤᠶᠤᠯ ᠤᠨ ᠪᠦᠲᠦᠭᠡᠭᠳᠡᠬᠦᠨ ᠨᠢ ᠠᠳᠤᠭᠤᠨ ᠰᠤᠶᠤᠯ ᠢᠶᠡᠷ ᠲᠦᠯᠦᠭᠡᠯᠡᠬᠦᠯᠦᠭᠰᠡᠨ ᠦᠪᠦᠷ ᠮᠤᠩᠭ᠋ᠤᠯ ᠤᠨ ᠦᠨᠳᠤᠰᠦᠳᠡᠨ ᠤ ᠰᠤᠶᠤᠯ ᠢ ᠰᠢᠰᠲ᠋ᠧᠮ ᠲᠠᠢ ᠢᠯᠡᠷᠡᠬᠦᠯᠦᠭᠰᠡᠨ ᠪᠠᠶᠢᠨ᠎ᠠ᠃

ᠲᠤᠮᠳᠠᠳᠤ ᠤᠯᠤᠰ ᠤᠨ ᠰᠢᠤᠳᠠᠨ ᠤ ᠪᠦᠯᠦᠭᠯᠡᠯ ᠺᠤᠮᠫᠠᠨᠢ ᠶᠢᠨ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠬᠤᠪᠢᠶᠠᠷᠢ ᠺᠤᠮᠫᠠᠨᠢ ᠶᠢᠨ ᠶᠡᠷᠦᠩᠬᠡᠢ ᠵᠠᠬᠢᠷᠤᠯ ᠼᠠᠢ ᠮᠢᠩ ᠾᠦᠢ᠂ ᠤᠯᠤᠰ ᠲᠠᠶᠠᠭᠠᠷ ᠲᠤ ᠠᠳᠤᠭᠤᠨ ᠰᠤᠶᠤᠯ ᠢᠶᠡᠷ ᠭᠤᠤᠯ ᠰᠡᠳᠦᠪ ᠪᠤᠯᠭᠠᠭᠰᠠᠨ ᠠᠩᠬᠠᠨ ᠤ ᠦᠪᠡᠷᠮᠢᠴᠡ ᠰᠢᠤᠳᠠᠨ ᠤ ᠲᠤᠪᠴᠢᠶ᠎ᠠ ᠪᠠᠶᠢᠭᠤᠯᠤᠭᠰᠠᠨ ᠨᠢ ᠰᠢᠤᠳᠠᠨ ᠤ ᠲᠤᠪᠴᠢᠶ᠎ᠠ ᠶᠢᠨ ᠬᠤᠳᠠ ᠬᠦᠳᠡᠬᠡ ᠶᠢ ᠪᠦᠷᠬᠦᠭᠰᠡᠨ ᠰᠦᠯᠵᠢᠶ᠎ᠡ ᠶᠢᠨ ᠡᠬᠢ ᠪᠠᠶᠠᠯᠢᠭ ᠤᠨ ᠲᠠᠪᠠᠭᠤᠯᠢᠭ ᠢ ᠬᠦᠢᠴᠡᠳ ᠪᠠᠳᠠᠷᠠᠭᠤᠯᠵᠤ᠂ ᠮᠤᠩᠭ᠋ᠤᠯ ᠮᠤᠷᠢᠨ ᠤ ᠵᠤᠷᠢᠭ ᠰᠠᠨᠠᠭ᠎ᠠ ᠶᠢ ᠤᠯᠠᠮᠵᠢᠯᠠᠵᠤ᠂ ᠦᠪᠦᠷ ᠮᠤᠩᠭ᠋ᠤᠯ ᠤᠨ ᠠᠳᠤᠭᠤᠨ ᠰᠤᠶᠤᠯ ᠢ ᠤᠬᠠᠭᠤᠯᠵᠤ᠂ ᠦᠪᠦᠷ ᠮᠤᠩᠭ᠋ᠤᠯ ᠤᠨ ᠪᠦᠰᠡ ᠨᠤᠳᠤᠭ ᠤᠨ ᠰᠤᠶᠤᠯ ᠤᠨ ᠦᠪᠡᠷᠮᠢᠴᠠ ᠪᠦᠲᠦᠭᠡᠭ᠍ᠳᠡᠬᠦᠨ ᠢ ᠬᠦᠭ᠍ᠵᠢᠬᠦᠯᠬᠦ ᠳᠤ ᠲᠤᠰᠠᠯᠠᠬᠤ ᠶᠢᠨ ᠬᠠᠮᠳᠤ ᠰᠤᠶᠤᠯ ᠤᠨ ᠦᠪᠡᠷᠮᠢᠴᠡ ᠲᠡᠮᠳᠡᠭ ᠢ ᠴᠤᠭᠴᠠᠯᠠᠨ᠎ᠠ ᠬᠡᠪᠡ᠃

f3c1326a-81ae-4020-bcff-1800e3895986.jpg


ᠢᠷᠡᠯᠳᠡ : 

ᠰᠢᠨᠬᠤᠸᠠ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ