fd1f75f5-cb0a-4ba4-bdd7-4a8574b35396.jpg

ᠡᠨᠡ ᠵᠢᠯ ᠳᠦᠷᠪᠡᠨ ᠨᠠᠰᠤᠳᠠᠢ ᠪᠢᠴᠢᠬᠠᠨ ᠬᠦᠦ ᠨᠠᠨᠳᠢᠬᠤᠴᠠᠷᠠᠯ ᠭᠤᠷᠪᠠᠨ ᠨᠠᠰᠤᠠ ᠠᠴᠠ ᠪᠠᠨ ᠡᠬᠢᠯᠡᠵᠤ ᠬᠡᠤᠬᠡᠳ ᠤᠨ ᠳᠤᠭᠤᠢ ᠲᠡᠷᠭᠡ ᠤᠨᠤᠬᠤ ᠤᠷᠤᠯᠳᠤᠭᠠᠨ ᠳᠤ ᠤᠷᠤᠯᠴᠠᠵᠤ᠂ ᠤᠳᠤ ᠪᠤᠯᠳᠠᠯ᠎ᠠ ᠳᠤᠰ ᠲᠦᠷᠦᠯ ᠤᠨ ᠤᠷᠤᠯᠳᠤᠭᠠᠨ ᠳᠤ ᠨᠡᠶᠢᠳᠡ 43 ᠤᠳᠠᠭ᠎ᠠ ᠤᠷᠤᠯᠴᠠᠵᠤ ᠪᠠᠶᠢᠭ᠎ᠠ ᠪᠦᠭᠡᠳ 12 ᠤᠳᠠᠭ᠎ᠠ ᠲᠡᠷᠢᠭᠦᠯᠡᠵᠤ᠂ 2 ᠤᠳᠠᠭ᠎ᠠ ᠳᠡᠳ᠋ ᠪᠠᠶᠢᠷᠢᠨ ᠳᠤ ᠤᠷᠤᠵᠤ᠂ 2 ᠤᠳᠠᠭ᠎ᠠ ᠭᠤᠷᠪᠠᠳᠤᠭᠠᠷ ᠲᠤ ᠤᠷᠤᠪᠠ —

ᠪᠢᠴᠢᠬᠠᠨ ᠬᠦᠦ ᠨᠠᠠᠳᠢᠬᠤᠴᠠᠷᠠᠯ ᠭᠤᠷᠪᠠᠨ ᠨᠠᠰᠤᠳᠠᠢ ᠪᠠᠶᠢᠬᠤ ᠳᠠᠭᠠᠨ ᠶᠠᠫᠤᠨ ᠤᠯᠤᠰ ᠤᠨ ᠬᠡᠤᠬᠡᠳ ᠤᠨ ᠳᠤᠭᠤᠢ ᠲᠡᠷᠭᠡ ᠤᠨᠤᠬᠤ ᠤᠷᠤᠯᠳᠤᠭᠠᠨ ᠳᠤ ᠲᠠᠷᠢᠭᠦᠯᠡᠨ᠂ ᠶᠠᠫᠤᠨᠴᠤᠳ ᠪᠤᠯᠤᠨ ᠤᠷᠤᠯᠳᠤᠭᠠᠨ ᠳᠤ ᠤᠷᠤᠯᠴᠠᠬᠰᠠᠨ ᠪᠤᠰᠤᠳ ᠤᠯᠤᠰ ᠤᠨ ᠬᠦᠮᠦᠰ ᠢ ᠭᠠᠶᠢᠬᠠᠰᠢᠷᠠᠭᠤᠯᠵᠤ᠂《ᠰᠤᠯᠢᠷ ᠤᠳᠤ ᠰᠢᠭ᠋ ᠬᠤᠷᠳᠤᠨ ᠁ ᠮᠤᠩᠭᠤᠯ ᠬᠦᠦ》 ᠭᠡᠬᠦ ᠮᠡᠳᠡᠭᠡᠯᠡᠯ ᠶᠠᠫᠤᠨ ᠤ ᠮᠡᠳᠡᠭᠡ ᠵᠠᠭᠤᠴᠢᠯᠠᠭᠤᠷ ᠢᠶᠠᠷ ᠳᠠᠷᠬᠠᠵᠤ᠂ ᠭᠠᠳᠠᠭᠠᠳᠤ ᠶᠢᠨ ᠤᠯᠠᠨ ᠬᠦᠮᠦᠰ ᠮᠤᠩᠭᠤᠯᠴᠤᠳ᠂ ᠮᠤᠩᠭᠤᠯ ᠬᠦᠦ ᠶᠢᠨ ᠰᠦᠰᠦ ᠵᠤᠷᠢᠭ᠂ ᠳᠡᠰᠪᠤᠷᠢ ᠳᠠᠭᠠᠭᠠᠴᠠ ᠶᠢ ᠪᠠᠭ᠋ᠠᠳᠤᠨ ᠪᠢᠰᠢᠷᠠᠵᠤ ᠪᠠᠶᠢᠪᠠ᠃ ᠡᠨᠡ ᠪᠤᠯ ᠨᠠᠨᠳᠢᠬᠤᠴᠠᠷᠠᠯ ᠤᠨ ᠨᠢᠳᠤᠨᠤᠨ ᠵᠢᠯ《RCS》 ᠨᠡᠷᠡᠮᠵᠢᠳᠤ ᠶᠠᠫᠤᠨ ᠤᠯᠤᠰ ᠤᠨ ᠲᠡᠷᠢᠭᠦᠨ ᠰᠢᠯᠭᠠᠷᠠᠭᠤᠯᠬᠤ ᠤᠷᠤᠯᠳᠤᠭᠠᠨ ᠳᠤ ᠮᠠᠩᠯᠠᠶᠢᠯᠠᠬᠰᠠᠨ ᠦᠶ᠎ᠡ ᠶᠢᠨ ᠳᠤᠷᠠᠰᠤᠮᠵᠢᠳᠤ ᠤᠴᠢᠷ᠃

ᠨᠠᠨᠳᠢᠬᠤᠴᠠᠷᠠᠯ ᠡᠨᠡ ᠵᠢᠯ ᠳᠦᠷᠪᠡᠨ ᠨᠠᠰᠤ ᠲᠠᠢ᠂ ᠰᠢᠯᠢ ᠶᠢᠨ ᠭᠤᠤᠯ ᠠᠶᠢᠮᠠᠭ ᠤᠨ ᠬᠦᠪᠡᠭᠡᠳᠤ ᠰᠢᠷ᠎ᠠ ᠬᠤᠰᠢᠭᠤᠨ ᠤ ᠪᠠᠶᠠᠨᠳᠠᠯ᠎ᠠ ᠰᠤᠮᠤᠨ ᠤ ᠰᠠᠶᠢᠬᠤᠰᠤ ᠭᠠᠴᠠᠭ᠎ᠠ ᠪᠠᠷ ᠨᠤᠲᠤᠭ ᠲᠠᠢ᠃ ᠤᠳᠤ ᠠᠪᠤ ᠡᠵᠢ ᠲᠠᠢ ᠪᠠᠨ ᠶᠠᠫᠤᠨ ᠤᠯᠤᠰ ᠤᠨ ᠰᠠᠶ᠋ᠢᠲᠮᠠ ᠬᠤᠳᠠ ᠳᠤ ᠠᠮᠢᠳᠤᠷᠠᠵᠤ ᠪᠠᠶᠢᠭ᠎ᠠ ᠪᠦᠭᠡᠳ ᠴᠡᠴᠡᠷᠯᠢᠭ ᠤᠨ ᠳᠤᠮᠳᠠ ᠠᠩᠬᠢ ᠳᠤ ᠰᠤᠷᠤᠯᠴᠠᠵᠤ ᠪᠤᠢ᠃

ᠭᠡᠤᠭᠡᠳ ᠤᠨ ᠳᠤᠭᠤᠢ ᠲᠡᠷᠭᠡ ᠤᠨᠤᠬᠤ ᠤᠷᠤᠯᠳᠤᠭᠠᠨ ᠬᠡᠳᠡᠭ ᠨᠢ ᠳᠠᠷᠤᠢ ᠳᠤᠷᠮᠤᠰᠤᠯᠠᠭᠤᠷ ᠦᠭᠡᠢ ᠬᠦᠯ ᠢᠶᠠᠷ ᠢᠰᠬᠦᠯᠬᠦ ᠬᠡᠤᠬᠡᠳ ᠤᠨ ᠳᠤᠭᠤᠢ ᠲᠡᠷᠭᠡᠨ ᠤ ᠤᠷᠤᠯᠳᠤᠭᠠᠨ ᠪᠠᠶᠢᠵᠤ᠂ ᠭᠠᠳᠠᠭᠠᠳᠤ ᠶᠢᠨ ᠡᠯ᠎ᠡ ᠤᠯᠤᠰ ᠲᠤ ᠳᠤᠰ ᠤᠷᠤᠯᠳᠤᠭᠠᠨ ᠨᠢ ᠶᠠᠪᠤᠬᠳᠠᠭᠠᠳ ᠨᠢᠭᠡᠨᠳᠡ ᠠᠷᠪᠠᠭᠠᠳ ᠵᠢᠯ ᠪᠤᠯᠵᠤ ᠪᠠᠶᠢᠭ᠎ᠠ ᠪᠦᠭᠡᠳ ᠡᠨᠡ ᠬᠤᠶᠠᠷ ᠵᠢᠯ ᠠᠴᠠ ᠮᠠᠨ ᠤ ᠤᠯᠤᠰ ᠤᠨ ᠡᠯ᠎ᠡ ᠶᠡᠭᠡ ᠬᠤᠳᠠ ᠪᠠᠷ ᠴᠤ ᠲᠦᠭᠡᠮᠡᠯᠵᠢᠵᠤ ᠪᠤᠢ᠃ 

ᠡᠨᠡᠬᠦ ᠤᠷᠤᠯᠳᠤᠭᠠᠨ ᠨᠢ ᠬᠡᠤᠬᠡᠳ ᠤᠨ ᠪᠡᠶ᠎ᠡ ᠶᠢᠨ ᠳᠠᠮᠢᠷ ᠤᠨ ᠪᠤᠯᠪᠠᠰᠤᠷᠠᠯ ᠳᠤ ᠤᠷᠤᠯᠴᠠᠬᠤ ᠢᠳᠡᠪᠬᠢᠵᠢᠯ ᠢ ᠠᠬᠢᠭᠤᠯᠳᠠᠭ ᠪᠦᠭᠡᠳ ᠬᠡᠤᠬᠡᠳ ᠤᠨ ᠪᠡᠶ᠎ᠡ ᠮᠠᠬᠠᠪᠤᠳ ᠤᠯᠠᠮ ᠡᠷᠡᠭᠦᠯ ᠴᠢᠬᠢᠷᠠᠭ ᠪᠤᠯᠳᠠᠭ᠃ ᠮᠦᠨᠴᠤ ᠬᠡᠤᠬᠡᠳ ᠤᠨ ᠭᠠᠷ ᠤᠳᠠᠰᠤ ᠨᠠᠭᠠᠳᠬᠤ᠂ ᠲᠧᠯᠸᠢᠰ ᠦᠵᠡᠬᠦ ᠵᠡᠷᠭᠡ ᠳᠤ ᠰᠢᠨᠤᠯ ᠲᠠᠢ ᠪᠤᠯᠬᠤ ᠠᠰᠠᠭᠤᠳᠠᠯ ᠢ ᠰᠢᠢᠳᠪᠤᠷᠢᠯᠡᠵᠤ᠂ ᠳᠠᠮᠢᠷ ᠤᠨ ᠬᠦᠳᠡᠯᠭᠡᠭᠡᠨ ᠳᠤ ᠳᠤᠷᠠᠳᠠᠢ ᠪᠤᠯᠭᠠᠬᠤ ᠶᠢᠨ ᠵᠡᠷᠭᠡᠪᠡᠷ ᠠᠩᠬᠠᠷᠤᠯ ᠢᠶᠠᠨ ᠲᠦᠪᠯᠡᠷᠡᠬᠦᠯᠬᠦ᠂ ᠠᠵᠢᠬᠴᠢ ᠬᠢᠷᠠᠬᠠᠢ᠂ ᠬᠤᠷᠳᠤᠨ ᠱᠠᠯᠠᠮᠠᠭᠠᠢ ᠪᠤᠯᠬᠤ ᠵᠡᠷᠭᠡ ᠤᠯᠠᠨ ᠳᠠᠯ᠎ᠠ ᠶᠢ ᠳᠠᠪᠳᠠᠨ ᠪᠤᠯᠪᠠᠰᠤᠷᠠᠭᠤᠯᠳᠠᠭ ᠪᠠᠶᠢᠨ᠎ᠠ᠃  

ᠨᠠᠨᠳᠢᠬᠤᠴᠠᠷᠠᠯ ᠬᠤᠶᠠᠷ ᠨᠠᠰᠤ ᠢᠯᠡᠭᠦᠦ ᠠᠴᠠ ᠪᠠᠨ ᠬᠡᠤᠬᠡᠳ ᠤᠨ ᠭᠤᠷᠪᠠᠨ ᠬᠦᠷᠳᠦᠳᠦ ᠳᠤᠭᠤᠢ ᠤᠨᠤᠵᠤ᠂ ᠭᠤᠷᠪᠠᠨ ᠨᠠᠰᠤᠠ ᠠᠴᠠ ᠪᠠᠨ ᠡᠬᠢᠯᠡᠨ ᠳᠤᠷᠮᠤᠰᠤᠯᠠᠭᠤᠷ ᠦᠭᠡᠢ ᠬᠡᠤᠬᠡᠳ ᠤᠨ ᠳᠤᠭᠤᠢ ᠤᠨᠤᠵᠤ ᠪᠤᠯᠪᠠᠰᠤᠷᠠᠬᠰᠠᠨ ᠪᠠᠶᠢᠪᠠ᠃ ᠪᠤᠯᠪᠠᠰᠤᠷᠠᠵᠤ ᠪᠠᠶᠢᠬᠤ ᠳᠤᠮᠳᠠ ᠪᠠᠨ ᠰᠦᠯᠵᠢᠶᠡᠨ ᠳᠡᠭᠡᠷ᠎ᠡ ᠠᠴᠠ ᠬᠡᠤᠬᠡᠳ ᠤᠨ ᠳᠤᠭᠤᠢ ᠲᠡᠷᠭᠡᠨ ᠤ ᠳᠡᠯᠡᠬᠡᠢ ᠶᠢᠨ ᠬᠡᠪᠴᠢᠶᠡᠨ ᠤ ᠤᠷᠤᠯᠳᠤᠭᠠᠨ ᠶᠠᠪᠤᠬᠳᠠᠵᠤ ᠪᠠᠶᠢᠬᠤ ᠶᠢ ᠤᠯᠵᠤ ᠮᠡᠳᠡᠭᠡᠳ᠂ ᠨᠡᠷ᠎ᠡ ᠮᠡᠳᠡᠭᠦᠯᠦᠨ ᠤᠷᠤᠯᠴᠠᠬᠰᠠᠨ ᠳᠤ ᠬᠠᠷᠢᠨ ᠰᠠᠨᠠᠭᠠᠨ ᠠᠴᠠ ᠭᠠᠳᠠᠭᠤᠷ ᠬᠠᠭᠠᠰ ᠰᠢᠢᠳᠪᠤᠷᠢᠳᠤ ᠤᠷᠤᠯᠳᠤᠭᠠᠨ ᠤ ᠭᠤᠷᠪᠠᠳᠤᠭᠠᠷ ᠨᠡᠷ᠎ᠡ ᠳᠤ ᠤᠷᠤᠬᠰᠠᠨ ᠪᠠᠶᠢᠯ᠎ᠠ᠃ ᠡᠭᠦᠨ ᠠᠴᠠ ᠳᠠᠷᠠᠭᠠᠬᠠᠨ᠂ ᠭᠤᠷᠪᠠᠨ ᠤᠢ ᠠᠷᠪᠠᠨ ᠨᠢᠭᠡᠨ ᠰᠠᠷ᠎ᠠ ᠪᠤᠯᠵᠤ ᠪᠠᠶᠢᠬᠤ ᠳᠠᠭᠠᠨ ᠶᠠᠫᠤᠨ ᠤᠯᠤᠰ ᠤᠨ ᠬᠠᠮᠤᠭ ᠤᠨ ᠶᠡᠭᠡ ᠬᠡᠪᠴᠢᠶᠡᠨ ᠤ ᠬᠡᠤᠬᠡᠳ ᠤᠨ ᠳᠤᠭᠤᠢ ᠲᠡᠷᠭᠡᠨ ᠤ《RC》 ᠨᠡᠷᠡᠮᠵᠢᠳᠤ ᠤᠷᠤᠯᠳᠤᠭᠠᠨ ᠳᠤ ᠤᠷᠤᠯᠴᠠᠵᠤ᠂ ᠳᠤᠰᠬᠠᠢ ᠮᠡᠷᠭᠡᠵᠢᠯ ᠤᠨ ᠪᠤᠯᠪᠠᠰᠤᠷᠠᠯ ᠭᠦᠷᠳᠡᠭᠰᠡᠨ ᠤᠯᠠᠨ ᠬᠡᠤᠬᠡᠳ ᠲᠠᠢ ᠤᠷᠤᠯᠳᠤᠨ ᠲᠡᠷᠢᠭᠦᠯᠡᠵᠤ᠂ ᠤᠯᠠᠨ ᠬᠦᠮᠦᠰ ᠢ ᠭᠠᠶᠢᠬᠠᠰᠢᠷᠠᠭᠤᠯᠤᠬᠰᠠᠨ ᠪᠠᠶᠢᠵᠠᠢ᠃ ᠢᠩᠭᠢᠭᠡᠳ ᠮᠤᠩᠭᠤᠯ ᠬᠦᠦ ᠨᠠᠨᠳᠢᠬᠤᠴᠠᠷᠠᠯ ᠤᠷᠤᠯᠳᠤᠭᠠᠨ ᠳᠤ ᠤᠷᠤᠯᠴᠠᠬᠤ ᠲᠠᠢ ᠵᠡᠷᠭᠡ ᠡᠶᠢᠮᠤ ᠰᠢᠯᠢᠳᠡᠭ ᠬᠢᠷᠢ ᠪᠦᠲᠦᠮᠵᠢ ᠤᠯᠤᠬᠰᠠᠨ ᠳᠤᠬᠠᠢ ᠭᠠᠳᠠᠭᠠᠳᠤ ᠶᠢᠨ ᠬᠦᠮᠦᠰ ᠮᠠᠰᠢ ᠰᠤᠨᠢᠭᠤᠴᠢᠯᠠᠵᠤ ᠪᠠᠶᠢᠬᠰᠠᠨ ᠭᠡᠳᠡᠭ᠃ 

ᠶᠠᠫᠤᠨ ᠤᠯᠤᠰ ᠤᠨ ᠬᠡᠪᠴᠢᠶᠡᠨ ᠳᠤ ᠶᠠᠪᠤᠬᠳᠠᠳᠠᠭ ᠡᠨᠡᠬᠦ ᠤᠷᠤᠯᠳᠤᠭᠠᠨ ᠨᠢ ᠵᠢᠯ ᠳᠤ 12 ᠤᠳᠠᠭ᠎ᠠ ᠶᠠᠪᠤᠬᠳᠠᠵᠤ᠂ ᠤᠳᠠᠭ᠎ᠠ ᠪᠤᠯᠭᠠᠨ ᠬᠤᠪᠢ ᠳᠡᠮᠳᠡᠭᠯᠡᠵᠤ᠂ ᠬᠠᠮᠤᠭ ᠰᠡᠭᠦᠯ ᠳᠤᠨᠢ ᠨᠢᠭᠡ ᠵᠢᠯ ᠤᠨ ᠶᠡᠷᠤᠩᠬᠡᠢ ᠬᠤᠪᠢ ᠶᠢ ᠠᠳᠠᠯᠢᠳᠬᠠᠨ ᠰᠢᠯᠭᠠᠷᠠᠭᠤᠯᠳᠠᠭ ᠪᠠᠶᠢᠵᠤ᠂ ᠨᠠᠨᠳᠢᠬᠤᠴᠠᠷᠠᠯ ᠳᠦᠷᠪᠡᠨ ᠤᠢ ᠨᠢᠭᠡ ᠰᠠᠷ᠎ᠠ ᠪᠤᠯᠵᠤ ᠪᠠᠶᠢᠬᠤ ᠦᠶᠡᠰ ᠲᠡᠭᠡᠨ 2018 ᠤᠨ ᠤ ᠳᠤᠰ ᠲᠦᠷᠦᠯ ᠤᠨ ᠤᠷᠤᠯᠳᠤᠭᠠᠨ ᠳᠤ ᠰᠢᠯᠢᠳᠡᠭ ᠬᠢᠷᠢ ᠪᠦᠲᠦᠮᠵᠢ ᠤᠯᠵᠤ᠂ ᠶᠠᠫᠤᠨ ᠤᠯᠤᠰ ᠤᠨ ᠬᠡᠤᠬᠡᠳ ᠤᠨ ᠳᠤᠭᠤᠢ ᠲᠡᠷᠭᠡᠨ ᠤ ᠳᠤᠰᠬᠠᠢ ᠪᠤᠯᠪᠠᠰᠤᠷᠠᠯ ᠤᠨ ᠠᠩᠬᠢ — LINO KEIKI ᠳᠤ ᠰᠤᠩᠭᠤᠬᠳᠠᠨ ᠤᠷᠤᠵᠤ᠂ ᠮᠡᠷᠭᠡᠵᠢᠯ ᠤᠨ ᠪᠤᠯᠪᠠᠰᠤᠷᠠᠯ ᠭᠦᠷᠳᠡᠬᠦ ᠪᠤᠯᠤᠬᠰᠠᠨ ᠪᠠᠶᠢᠪᠠ᠃

ᠡᠭᠦᠨ ᠠᠴᠠ ᠰᠡᠭᠦᠯᠡᠷ ᠨᠠᠨᠳᠢᠬᠤᠴᠠᠷᠠᠯ《WRC》 ᠲᠡᠷᠢᠭᠦᠨ ᠰᠢᠯᠭᠠᠷᠠᠭᠤᠯᠬᠤ ᠤᠷᠤᠯᠳᠤᠭᠠᠨ ᠳᠤ ᠤᠷᠤᠯᠴᠠᠭᠠᠳ᠂ ᠳᠦᠷᠪᠡᠨ ᠬᠤᠪᠢᠶᠠᠷᠢ ᠳᠠᠯᠠᠪᠠᠢ ᠤᠷᠤᠯᠳᠤᠭᠠᠨ ᠳᠤ ᠪᠦᠷ ᠳᠠᠰᠤᠷᠬᠠᠢ ᠲᠡᠷᠢᠭᠦᠯᠡᠵᠤ᠂ ᠶᠠᠫᠤᠨᠴᠤᠳ ᠤᠨ ᠳᠤᠮᠳᠠ ᠶᠡᠭᠡ ᠨᠦᠯᠦᠭᠡ ᠳᠤᠰᠬᠠᠯ ᠭᠠᠷᠴᠤ᠂ ᠡᠨᠡᠬᠦ ᠮᠤᠩᠭᠤᠯ ᠬᠦᠦ ᠶᠢᠨ ᠳᠤᠬᠠᠢ ᠤᠯᠠᠮ ᠤᠯᠠᠨ ᠬᠦᠮᠦᠨ ᠠᠩᠬᠠᠷᠬᠤ ᠪᠤᠯᠤᠬᠰᠠᠨ ᠪᠠᠶᠢᠪᠠ᠃

— ᠮᠤᠩᠭᠤᠯ ᠬᠡᠤᠬᠡᠳ ᠭᠡᠵᠤ ᠮᠡᠳᠡᠭᠰᠡᠨ ᠤ ᠳᠠᠷᠠᠭ᠎ᠠ᠂《ᠬᠠᠰᠢᠯᠠ ᠮᠤᠩᠭᠤᠯ ᠬᠡᠤᠬᠡᠳ ᠠᠶᠢᠬᠤᠪᠳᠤᠷ ᠪᠠᠶᠢᠨ᠎ᠠ︕ ᠵᠤᠷᠢᠭ ᠰᠦᠰᠦ ᠲᠠᠢ ᠪᠠᠶᠢᠨ᠎ᠠ》 ᠭᠡᠵᠤ ᠭᠠᠳᠠᠭᠠᠳᠤ ᠶᠢᠨ ᠬᠦᠮᠦᠰ ᠶᠠᠷᠢᠵᠤ ᠪᠠᠶᠢᠬᠰᠠᠨ ᠪᠦᠭᠡᠳ ᠳᠤᠬᠠᠢ ᠶᠢᠨ ᠭᠠᠵᠠᠷ ᠤᠷᠤᠨ ᠤ ᠬᠡᠪᠯᠡᠯ ᠮᠡᠳᠡᠬᠡᠯᠡᠯ ᠤᠨ ᠬᠢᠨ《ᠰᠤᠯᠢᠷ ᠤᠳᠤ ᠰᠢᠭ᠋ ᠬᠤᠷᠳᠤᠨ ᠁ ᠮᠤᠩᠭᠤᠯ ᠬᠦᠦ》 ᠭᠡᠵᠤ ᠳᠦᠷᠰᠦᠯᠡᠭᠰᠡᠨ ᠬᠠᠮᠢᠶ᠎ᠠ ᠪᠦᠬᠦᠢ ᠮᠡᠳᠡᠭᠡᠯᠡᠯ ᠢ ᠨᠡᠶᠢᠳᠡᠯᠡᠵᠤ ᠪᠠᠶᠢᠵᠠᠢ ᠭᠡᠵᠤ ᠨᠠᠠᠳᠢᠬᠤᠴᠠᠷᠠᠯ ᠤᠨ ᠠᠪᠤ ᠨᠢ ᠶᠠᠷᠢᠵᠤ ᠪᠠᠶᠢᠯ᠎ᠠ᠃

ᠨᠠᠨᠳᠢᠬᠤᠴᠠᠷᠠᠯ ᠤᠳᠤ ᠪᠤᠯᠳᠠᠯ᠎ᠠ ᠳᠤᠰ ᠲᠦᠷᠦᠯ ᠤᠨ ᠤᠷᠤᠯᠳᠤᠭᠠᠨ ᠳᠤ ᠨᠡᠶᠢᠳᠡ 43 ᠤᠳᠠᠭ᠎ᠠ ᠤᠷᠤᠯᠴᠠᠵᠤ ᠪᠠᠶᠢᠭ᠎ᠠ ᠪᠦᠭᠡᠳ 12 ᠤᠳᠠᠭ᠎ᠠ ᠲᠡᠷᠢᠭᠦᠯᠡᠵᠤ᠂ 2 ᠤᠳᠠᠭ᠎ᠠ ᠳᠡᠳ᠋ ᠪᠠᠶᠢᠷᠢᠨ ᠳᠤ ᠤᠷᠤᠵᠤ᠂ 2 ᠤᠳᠠᠭ᠎ᠠ ᠭᠤᠷᠪᠠᠳᠤᠭᠠᠷ ᠲᠤ ᠤᠷᠤᠵᠤ᠂ ᠤᠬᠤᠷᠬᠠᠨ ᠵᠢᠯ ᠭᠠᠷᠤᠢ ᠶᠢᠨ ᠬᠤᠭᠤᠴᠠᠭᠠᠨ ᠳᠤ ᠳᠤᠰ ᠲᠦᠷᠦᠯ ᠤᠨ ᠤᠷᠤᠯᠳᠤᠭᠠᠨ ᠳᠤ ᠤᠷᠤᠯᠴᠠᠭᠠᠳ ᠪᠦᠬᠦ ᠤᠯᠤᠰ ᠤᠨ ᠡᠮᠦᠨ᠎ᠡ ᠬᠡᠳᠤ ᠳᠤ ᠵᠢᠬᠰᠠᠭᠠᠬᠳᠠᠬᠤ ᠰᠢᠯᠢᠳᠡᠭ ᠬᠢᠷᠢ ᠪᠦᠲᠦᠮᠵᠢ ᠶᠢ ᠡᠭᠦᠳᠦᠭᠰᠡᠨ ᠪᠠᠶᠢᠨ᠎ᠠ᠃ ᠡᠨᠡ ᠵᠢᠯ ᠤᠨ 7 ᠰᠠᠷ᠎ᠠ ᠳᠤ ᠪᠡᠭᠡᠵᠢᠩ ᠳᠤ ᠶᠠᠪᠤᠬᠳᠠᠬᠰᠠᠨ ᠠᠽᠢᠶ᠎ᠡ ᠶᠢᠨ ᠬᠡᠪᠴᠢᠶᠡᠨ ᠤ ᠡᠨᠡᠬᠦ ᠲᠦᠷᠦᠯ ᠤᠨ ᠤᠷᠤᠯᠳᠤᠭᠠᠨ ᠳᠤ ᠤᠷᠤᠯᠴᠠᠭᠠᠳ ᠬᠠᠮᠳᠤ ᠨᠡᠶᠢᠳᠡ ᠶᠢᠨ ᠨᠢᠭᠡᠳᠦᠭᠡᠷ ᠨᠡᠷ᠎ᠡ᠂ ᠬᠤᠪᠢ ᠬᠦᠮᠦᠨ ᠤ ᠠᠷᠪᠠᠨ ᠨᠢᠭᠡᠳᠦᠭᠡᠷ ᠤᠨ ᠰᠢᠯᠢᠳᠡᠭ ᠬᠢᠷᠢ ᠪᠦᠲᠦᠮᠵᠢ ᠤᠯᠤᠬᠰᠠᠨ ᠪᠠᠶᠢᠪᠠ᠃ ᠲᠡᠷᠡᠪᠡᠷ ᠡᠨᠡ ᠵᠢᠯ ᠤᠨ 11 ᠰᠠᠷ᠎ᠠ ᠳᠤ ᠠᠮᠧᠷᠢᠺᠠ ᠳᠤ ᠶᠠᠪᠤᠬᠳᠠᠬᠤ ᠭᠡᠵᠤ ᠪᠠᠶᠢᠭ᠎ᠠ ᠳᠡᠯᠡᠬᠡᠢ ᠶᠢᠨ ᠬᠡᠪᠴᠢᠶᠡᠨ ᠤ ᠬᠡᠤᠬᠡᠳ ᠤᠨ ᠳᠤᠭᠤᠢ ᠲᠡᠷᠭᠡᠨ ᠤ ᠤᠷᠤᠯᠳᠤᠭᠠᠨ ᠳᠤ ᠤᠷᠤᠯᠴᠠᠬᠤ ᠪᠠᠷ ᠨᠡᠷ ᠎ᠡ ᠮᠡᠳᠡᠭᠦᠯᠦᠭᠡᠳ ᠪᠤᠢ᠃

ᠮᠦᠨᠴᠤ ᠡᠨᠡ ᠵᠢᠯ ᠤᠨ 6 ᠰᠠᠷ᠎ᠠ ᠳᠤ《PAPAbike》 ᠨᠡᠷᠡᠮᠵᠢᠳᠤ ᠳᠤᠭᠤᠢ ᠲᠡᠷᠭᠡᠨ ᠤ ᠶᠠᠫᠤᠨ ᠤᠯᠤᠰ ᠲᠠᠬᠢ ᠬᠤᠪᠢᠶᠠᠷᠢ ᠺᠤᠮᠫᠠᠨᠢ ᠶᠢᠨ ᠤᠷᠤᠯᠠᠨ ᠦᠭᠦᠯᠡᠭᠴᠢ ᠪᠤᠯᠵᠤ᠂ ᠪᠦᠬᠦ ᠶᠠᠫᠤᠨ ᠤᠯᠤᠰ ᠠᠴᠠ ᠳᠠᠪᠤᠨ ᠬᠡᠤᠬᠡᠳ ᠰᠤᠩᠭᠤᠬᠳᠠᠵᠤ᠂ ᠡᠭᠦᠨ ᠳᠤ ᠳᠦᠷᠪᠡᠨ ᠨᠠᠰᠤᠳᠠᠢ ᠬᠡᠤᠬᠡᠳ ᠤᠨ ᠳᠤᠳᠤᠷ᠎ᠠ ᠠᠴᠠ ᠭᠠᠭᠴᠠ ᠨᠠᠨᠳᠢᠬᠤᠴᠠᠷᠠᠯ ᠰᠤᠩᠭᠤᠬᠳᠠᠬᠰᠠᠨ ᠪᠠᠶᠢᠯ᠎ᠠ᠃ ᠢᠩᠬᠢᠭᠡᠳ ᠳᠤᠰ ᠺᠤᠮᠫᠠᠨᠢ ᠶᠢᠨ ᠬᠢᠨ ᠲᠡᠭᠦᠨ ᠳᠤ ᠲᠦᠮᠡᠨ ᠲᠦᠭᠦᠷᠢᠭ ᠤᠨ ᠦᠷᠳᠡᠭ ᠪᠦᠬᠦᠢ ᠳᠤᠰᠬᠠᠢ ᠤᠷᠤᠯᠳᠤᠭᠠᠨ ᠤ ᠳᠤᠭᠤᠢ ᠵᠢᠴᠢ ᠬᠤᠪᠴᠠᠰᠤ ᠬᠤᠨᠠᠷ ᠪᠡᠯᠡᠭᠯᠡᠭᠰᠡᠨ ᠪᠦᠭᠡᠳ ᠲᠤᠰ ᠳᠡᠯᠭᠡᠭᠦᠷ ᠤᠨ ᠬᠤᠳᠠᠯᠳᠤᠵᠤ ᠪᠠᠶᠢᠭ᠎ᠠ ᠪᠠᠷᠠᠭ᠎ᠠ ᠪᠦᠲᠦᠭᠡᠭᠳᠡᠭᠦᠨ ᠢ ᠦᠨ᠎ᠡ ᠲᠦᠯᠦᠪᠦᠷᠢ ᠦᠭᠡᠢ ᠪᠠᠷ ᠰᠤᠩᠭᠤᠨ ᠠᠪᠴᠤ ᠪᠤᠯᠬᠤ ᠡᠷᠬᠡ ᠶᠢ ᠤᠯᠭᠤᠭᠰᠠᠨ ᠪᠠᠶᠢᠨ᠎ᠠ᠃   

ᠤᠳᠤ ᠶᠢᠨ ᠤᠯᠠᠩᠬᠢ ᠬᠡᠤᠬᠡᠳ ᠪᠦᠷ ᠭᠠᠷ ᠤᠳᠠᠰᠤ ᠨᠠᠭᠠᠳᠬᠤ᠂ ᠲᠧᠯᠸᠢᠰ ᠦᠵᠡᠬᠦ ᠳᠤ ᠴᠠᠭ ᠢᠶᠠᠨ ᠪᠠᠷᠠᠳᠠᠭ᠂ ᠬᠤᠲᠠ ᠶᠢᠨ ᠬᠡᠤᠬᠡᠳ ᠪᠤᠯ ᠪᠠᠷᠤᠭ ᠭᠡᠷ ᠠᠴᠠ ᠭᠠᠷᠬᠤ ᠦᠭᠡᠢ ᠪᠠᠶᠢᠵᠤ᠂ ᠰᠤᠷᠭᠠᠭᠤᠯᠢ ᠶᠢᠨ ᠳᠠᠮᠢᠷ ᠤᠨ ᠬᠦᠳᠡᠯᠭᠡᠭᠡᠨ ᠳᠤ ᠤᠷᠤᠯᠴᠠᠭᠠᠳ ᠬᠡᠤᠬᠡᠳ ᠤᠳ ᠮᠠᠨᠠᠷᠠᠵᠤ ᠤᠨᠠᠬᠰᠠᠨ ᠮᠡᠳᠡᠭᠡᠯᠡᠯ ᠢ ᠴᠤ ᠬᠠᠷᠠᠵᠤ ᠪᠠᠶᠢᠬᠰᠠᠨ ᠪᠢᠯᠡ᠃ ᠬᠡᠤᠬᠡᠳ ᠤᠨ ᠳᠤᠭᠤᠢ ᠲᠡᠷᠭᠡᠨ ᠤ ᠤᠷᠤᠯᠳᠤᠭᠠᠨ ᠳᠤ ᠤᠷᠤᠯᠴᠠᠬᠤ ᠨᠢ ᠭᠠᠭᠴᠠᠬᠠᠨ ᠤᠷᠤᠯᠳᠤᠬᠤ ᠶᠢᠨ ᠲᠦᠯᠦᠭᠡ ᠪᠢᠰᠢ ᠪᠠᠶᠢᠵᠤ᠂ ᠬᠠᠷᠢᠨ ᠬᠡᠤᠬᠡᠳ ᠤᠨ ᠡᠷᠡᠭᠦᠯ ᠴᠢᠬᠢᠷᠠᠭ ᠦᠰᠦᠨ ᠪᠤᠶᠢᠵᠢᠯᠳᠠ ᠳᠤᠨᠢ ᠮᠠᠰᠢ ᠠᠰᠢᠬᠳᠠᠢ ᠪᠠᠶᠢᠵᠤ᠂ ᠦᠪᠡᠷ ᠢᠶᠠᠨ ᠬᠠᠷᠠᠯᠳᠠ ᠵᠤᠷᠢᠯᠳᠠ ᠳᠤᠬᠲᠠᠭᠠᠨ ᠴᠢᠷᠮᠠᠶᠢᠬᠤ᠂ ᠦᠷᠢᠰᠦᠯᠳᠦᠭᠡᠨ ᠤ ᠳᠤᠮᠳᠠ ᠳᠠᠪᠳᠠᠨ ᠪᠤᠯᠪᠠᠰᠤᠷᠠᠬᠤ ᠶᠢᠨ ᠵᠡᠷᠭᠡᠪᠡᠷ ᠲᠡᠷᠢᠬᠦᠨ ᠳᠤ ᠤᠷᠤᠪᠠᠯ ᠤᠯᠠᠮ ᠵᠤᠷᠢᠬᠵᠢᠨ ᠴᠢᠷᠮᠠᠶᠢᠬᠤ ᠵᠤᠷᠢᠭ ᠰᠡᠳᠬᠢᠯᠭᠡ ᠲᠠᠢ ᠪᠤᠯᠳᠠᠭ ᠪᠠᠶᠢᠨ᠎ᠠ᠃

ᠨᠠᠠᠳᠢᠬᠤᠴᠠᠷᠠᠯ ᠤᠨ ᠠᠪᠤ ᠡᠵᠢ ᠨᠢ ᠲᠡᠭᠦᠨ ᠢ ᠡᠷᠳᠡ ᠪᠤᠰᠬᠠᠵᠤ ᠡᠷᠳᠡ ᠤᠨᠳᠠᠭᠤᠯᠬᠤ ᠳᠠᠳᠬᠠᠯ ᠲᠠᠢ ᠪᠤᠯᠭᠠᠬᠤ ᠶᠢᠨ ᠲᠦᠯᠦᠭᠡ᠂ ᠪᠠᠭ᠎ᠠ ᠠᠴᠠ ᠨᠢ ᠦᠷᠯᠦᠭᠡ ᠡᠷᠳᠡ ᠶᠢᠨ ᠳᠦᠷᠪᠡ ᠳᠠᠪᠤᠨ ᠴᠠᠭ ᠤᠨ ᠦᠶᠡᠰ ᠢᠶᠠᠷ ᠴᠡᠴᠡᠷᠯᠢᠭ ᠢᠶᠠᠷ ᠳᠠᠭᠠᠭᠤᠯᠤᠨ ᠪᠡᠶ᠎ᠡ ᠶᠢᠨ ᠳᠠᠮᠢᠷ ᠤᠨ ᠪᠤᠯᠪᠠᠰᠤᠷᠠᠯ ᠬᠢᠯᠭᠡᠳᠡᠭ᠃ ᠡᠶᠢᠮᠤ ᠠᠴᠠ ᠲᠡᠭᠦᠨ ᠤ ᠪᠡᠶ᠎ᠡ ᠮᠠᠬᠠᠪᠤᠳ ᠨᠢ ᠮᠠᠰᠢ ᠴᠢᠬᠢᠷᠠᠭ ᠪᠦᠭᠡᠳ ᠭᠠᠷ ᠤᠳᠠᠰᠤ ᠨᠠᠭᠠᠳᠬᠤ᠂ ᠲᠧᠯᠸᠢᠰ ᠦᠵᠡᠬᠦ ᠳᠠᠳᠬᠠᠯ ᠦᠭᠡᠢ ᠪᠠᠶᠢᠵᠤ᠂ ᠦᠪᠡᠷ ᠤᠨ ᠰᠠᠶᠢᠨ ᠳᠤᠷ᠎ᠠ ᠠᠴᠠ ᠪᠠᠨ ᠳᠤᠭᠤᠢ ᠲᠡᠷᠭᠡ ᠤᠨᠤᠬᠤ ᠪᠤᠯᠪᠠᠰᠤᠷᠠᠯ ᠢᠶᠠᠨ ᠪᠠᠷᠢᠮᠳᠠᠯᠠᠨ ᠬᠢᠳᠡᠭ ᠠᠵᠢ᠃ 

ᠨᠠᠨᠳᠢᠬᠤᠴᠠᠷᠠᠯ ᠡᠨᠡᠬᠦ ᠲᠦᠷᠦᠯ ᠤᠨ ᠤᠷᠤᠯᠳᠤᠭᠠᠨ ᠳᠤ ᠤᠷᠤᠯᠴᠠᠬᠰᠠᠨ ᠠᠴᠠ ᠰᠡᠭᠦᠯᠡᠷ ᠳᠡᠳᠡᠨ ᠤ ᠭᠡᠷ ᠪᠦᠯᠢ ᠪᠠᠷ ᠢᠶᠠᠨ ᠬᠠᠮᠳᠤ ᠪᠠᠶᠢᠬᠤ ᠴᠠᠭ ᠤᠯᠠᠮ ᠤᠯᠠᠰᠢᠷᠠᠵᠤ᠂ ᠴᠠᠭ ᠴᠢᠯᠦᠭᠡ ᠯᠡ ᠪᠠᠶᠢᠪᠠᠯ ᠬᠠᠮᠳᠤᠪᠡᠷ ᠪᠤᠯᠪᠠᠰᠤᠷᠠᠨ ᠬᠠᠮᠳᠤᠪᠡᠷ ᠤᠷᠤᠯᠳᠤᠭᠠᠨ ᠳᠤ ᠶᠠᠪᠤᠬᠤ ᠪᠤᠯᠤᠬᠰᠠᠨ ᠪᠦᠭᠡᠳ ᠭᠤᠷᠪᠠᠭᠤᠯᠠ ᠪᠠᠨ ᠡᠷᠡᠭᠦᠯ ᠴᠢᠬᠢᠷᠠᠭ ᠪᠡᠶ᠎ᠡ ᠮᠠᠬᠠᠪᠤᠳ ᠲᠠᠢ ᠪᠤᠯᠤᠬᠰᠠᠨ ᠢᠶᠠᠷ ᠪᠠᠷᠠᠬᠤ ᠦᠭᠡᠢ᠂ ᠭᠡᠷ ᠪᠦᠯᠢ ᠳᠤᠨᠢ ᠪᠠᠶᠠᠷ ᠵᠢᠷᠭᠠᠯᠳᠤ ᠠᠭᠤᠷ ᠠᠮᠢᠰᠬᠤᠯ ᠤᠯᠠᠮ ᠪᠢᠯᠬᠠᠮ᠎ᠠ ᠪᠤᠯᠤᠬᠰᠠᠨ ᠪᠠᠶᠢᠨ᠎ᠠ᠃

— ᠬᠡᠤᠬᠡᠳ ᠤᠯᠠᠮ ᠵᠤᠷᠢᠭ ᠲᠠᠢ᠂ ᠪᠡᠶ᠎ᠡ ᠳᠡᠭᠡᠨ ᠢᠳᠡᠭᠡᠯ ᠲᠠᠢ ᠪᠤᠯᠵᠤ᠂ ᠦᠪᠡᠷ ᠤᠨ ᠬᠠᠷᠠᠯᠳᠠ ᠵᠤᠷᠢᠯᠳᠠ ᠲᠠᠢ ᠪᠤᠯᠳᠠᠭ᠃ ᠪᠠᠭ᠎ᠠ ᠳᠠᠭᠠᠨ ᠬᠦᠦ ᠮᠢᠨᠢ ᠢᠴᠢᠮᠡᠳᠡᠬᠡᠢ ᠰᠢᠭ ᠪᠠᠶᠢᠪᠠ᠂ ᠤᠳᠤ ᠪᠤᠯ ᠬᠦᠮᠦᠨ ᠲᠠᠢ ᠠᠮᠠᠷᠬᠠᠨ ᠳᠠᠰᠤᠯᠴᠠᠵᠤ ᠳᠠᠨᠢᠯᠴᠠᠬᠤ ᠪᠤᠯᠵᠠᠢ ᠭᠡᠵᠤ ᠨᠠᠨᠳᠢᠬᠤᠴᠠᠷᠠᠯ ᠤᠨ ᠡᠵᠢ ᠰᠢᠯᠢᠨᠴᠢᠮᠡᠭ ᠶᠠᠷᠢᠵᠤ ᠪᠠᠶᠢᠯ᠎ᠠ᠃

ᠠᠪᠤ ᠡᠵᠢ ᠪᠤᠯ ᠬᠡᠤᠬᠡᠳ ᠤᠨ ᠠᠩᠬᠠᠨ ᠤ ᠪᠠᠭᠰᠢ ᠪᠤᠯᠬᠤ ᠪᠦᠭᠡᠳ ᠭᠡᠷ ᠤᠨ ᠰᠤᠷᠭᠠᠯ ᠬᠦᠮᠦᠨ ᠤ ᠨᠢᠭᠡ ᠨᠠᠰᠤᠨ ᠳᠤ ᠮᠠᠰᠢ ᠶᠡᠭᠡ ᠨᠦᠯᠦᠭᠡ ᠲᠠᠢ ᠪᠠᠶᠢᠳᠠᠭ ᠤᠨ ᠶᠤᠰᠤ ᠤᠴᠢᠷ ᠢ ᠭᠦᠨ ᠤᠢᠢᠯᠠᠭᠠᠳᠠᠭ ᠨᠠᠠᠳᠢᠬᠤᠴᠠᠷᠠᠯ ᠤᠨ ᠠᠪᠤ ᠡᠵᠢ ᠨᠢ ᠲᠡᠭᠦᠨ ᠢ ᠬᠠᠷᠠᠬᠠᠨ ᠪᠠᠭ᠎ᠠ ᠠᠴᠠ ᠨᠢ ᠰᠠᠶᠢᠨ ᠰᠠᠶᠢᠬᠠᠨ ᠵᠠᠩ ᠳᠠᠳᠬᠠᠯ ᠲᠠᠢ ᠪᠤᠯᠭᠠᠨ ᠬᠦᠮᠦᠵᠢᠬᠦᠯᠵᠤ ᠪᠠᠶᠢᠭ᠎ᠠ ᠪᠦᠭᠡᠳ ᠪᠢᠴᠢᠬᠠᠨ ᠬᠦᠦ ᠨᠠᠨᠳᠢᠬᠤᠴᠠᠷᠠᠯ ᠴᠤ ᠦᠪᠡᠷ ᠤᠨ ᠴᠢᠷᠮᠠᠶᠢᠯᠭ᠎ᠠ ᠪᠠᠷ ᠢᠶᠠᠨ ᠮᠤᠩᠭᠤᠯᠴᠤᠳ ᠤᠨ ᠤᠷ᠎ᠠ ᠤᠬᠠᠭᠠᠨ᠂ ᠳᠡᠰᠪᠤᠷᠢ ᠬᠠᠳᠠᠭᠤᠵᠢᠯ ᠢ ᠳᠡᠯᠡᠬᠡᠢ ᠶᠢᠨ ᠲᠦᠮᠡᠨ ᠳᠤ ᠬᠠᠷᠠᠭᠤᠯᠵᠤ᠂ ᠮᠤᠩᠭᠤᠯ ᠭᠡᠬᠦ ᠰᠠᠶᠢᠬᠠᠨ ᠠᠯᠳᠠᠷ ᠢᠶᠠᠨ ᠳᠠᠯᠠᠬᠡᠢ ᠶᠢᠨ ᠳᠠᠶᠢᠰᠠᠨ᠎ᠠ ᠤᠯᠠᠨᠳᠠ ᠳᠠᠭᠤᠷᠢᠰᠢᠭᠤᠯᠵᠤ᠂ ᠦᠨᠳᠦᠰᠦᠳᠡᠨ ᠵᠠᠰᠤᠳᠠᠨ ᠳᠡᠭᠡᠨ ᠭᠡᠷᠡᠯ ᠭᠡᠭᠡ ᠨᠡᠮᠡᠷᠢᠯᠡᠨ᠎ᠡ᠃(ᠵᠤᠬᠢᠶᠠᠯ᠄ ᠤᠷᠠᠨᠳᠠᠨ᠎ᠠ᠂ ᠭᠡᠷᠡᠯ ᠵᠢᠷᠤᠭ ᠢ ᠰᠢᠯᠢᠨᠴᠢᠮᠡᠭ ᠬᠠᠩᠭᠠᠪᠠ)

68382906-e6c8-401d-9428-e8542c3eb98c.jpg

3d0286f5-2f2c-4647-bcae-cb87c5d8398c.jpg

ᠢᠷᠡᠯᠳᠡ : 

ᠠᠮᠢᠳᠤᠷᠠᠯ ᠭᠠᠷᠠᠭ ᠤᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ