7 ᠰᠠᠷ᠎ᠠ ᠶᠢᠨ 28 ᠤ ᠡᠳᠤᠷ᠂ ᠠᠷᠪᠠᠨ ᠲᠥᠷᠪᠡᠳᠤᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠭᠤᠯᠭᠤᠭᠤᠷ ᠬᠥᠷᠳᠤ + ᠫᠤᠤᠳᠠᠯᠭ᠎ᠠ ᠶᠢᠨ ᠤᠷᠤᠯᠳᠤᠭᠠᠨ ᠤ ᠡᠷᠡᠭᠳᠠᠢ ᠶᠢᠨ 15 ᠺᠢᠯᠥᠮᠧᠲᠷ ᠤᠨ ᠥᠢᠷ᠎ᠠ ᠵᠠᠢ ᠶᠢᠨ ᠤᠷᠤᠯᠳᠤᠭᠠᠨ ᠶᠠᠪᠤᠭᠳᠠᠵᠤ᠂ ᠤᠷᠤᠯᠳᠤᠭᠠᠨ ᠤ ᠳ᠋ᠥᠡᠭ ᠳᠤ ᠮᠠᠨ ᠤ ᠤᠷᠤᠨ ᠤ ᠲᠠᠮᠢᠷᠴᠢᠨ ᠯᠢ ᠰᠢᠤᠸᠠᠢ ᡁᠢ 41 ᠮᠢᠨᠦ᠋ᠲ 00 ᠰᠧᠺᠦ᠋ᠨ᠋ᠳ᠋ ᠤᠨ ᠬᠢᠷᠢ ᠪᠥᠳᠥᠮᠵᠢ ᠪᠠᠷ ᠡᠷᠡᠭᠳᠠᠢ ᠶᠢᠨ ᠲᠤᠭᠤᠢᠢᠯᠠᠩ ᠤᠨ ᠠᠯᠳᠠᠨ ᠮᠧᠳᠠᠯ ᠢ ᠭᠠᠷᠳᠡᠵᠠᠢ᠃ 

ᠯᠢ ᠰᠢᠤᠸᠠᠢ ᡁᠢ ᠪᠤᠯ ᠶᠠᠬᠰᠢ ᠬᠤᠳᠠ ᠶᠢᠨ ᠲᠠᠮᠢᠷᠴᠢᠨ᠂ ᠤᠳᠤ ᠤᠯᠤᠰ ᠤᠨ ᠠᠩᠭᠢ ᠳᠤ ᠪᠤᠯᠪᠠᠰᠤᠷᠠᠵᠤ ᠪᠤᠢ᠃ ᠲᠡᠷᠡ ᠰᠤᠷᠪᠤᠯᠵᠢᠯᠠᠭ᠎ᠠ ᠬᠥᠯᠢᠶᠡᠬᠦ ᠳᠡᠭᠡᠨ᠄ 《ᠲᠤᠰ ᠤᠳᠠᠭ᠎ᠠ ᠶᠢᠨ ᠤᠷᠤᠯᠳᠤᠭᠠᠨ ᠳᠤ ᠲᠥᠷᠥᠬᠦᠯᠡᠭᠰᠡᠨ ᠳᠡᠭᠡᠨ ᠲᠤᠩ ᠪᠡᠶᠡᠷᠯᠡᠨ ᠵᠤᠷᠢᠬᠵᠢᠵᠥ ᠪᠠᠶᠢᠨ᠎ᠠ᠃ ᠭᠤᠯᠭᠤᠭᠤᠷ ᠬᠥᠷᠳᠤ + ᠫᠤᠤᠳᠠᠯᠭ᠎ᠠ ᠶᠢᠨ ᠤᠷᠤᠯᠳᠤᠭᠠᠨ ᠳᠤ ᠵᠥᠪᠭᠡᠨ ᠬᠤᠷᠳᠤᠴᠠ ᠶᠢ ᠠᠩᠬᠠᠷᠤᠭᠠᠳ ᠯᠠ ᠪᠤᠯᠬᠤ ᠥᠬᠡᠢ᠂ ᠫᠤᠤᠳᠠᠯᠭ᠎ᠠ ᠶᠢᠨ ᠮᠡᠷᠭᠡᠵᠢᠯ ᠢᠶᠠᠨ ᠪᠠᠰᠠ ᠰᠠᠶᠢᠵᠢᠷᠠᠭᠤᠯᠬᠤ ᠴᠢᠬᠤᠯᠠ ᠲᠠᠢ᠃ ᠲᠤᠰ ᠤᠳᠠᠭ᠎ᠠ ᠶᠢᠨ 20 ᠫᠤᠤᠳᠠᠯᠭ᠎ᠠ ᠳᠤ ᠨᠢᠬᠡ ᠯᠠ ᠤᠨᠤᠭ᠎ᠠ ᠠᠯᠳᠠᠭᠰᠠᠨ ᠮᠠᠨᠢ ᠬᠤᠶᠠᠳᠤᠭᠠᠷ ᠨᠡᠷᠡᠰ ᠲᠤ ᠤᠷᠤᠬᠰᠠᠨ ᠲᠠᠮᠢᠷᠴᠢᠨ ᠢ ᠬᠠᠶᠠᠬᠤ ᠳᠤ ᠲᠤᠩ ᠰᠠᠶᠢᠨ ᠲᠤᠬᠢᠶᠠᠯ ᠢ ᠤᠯᠭᠤᠬᠰᠠᠨ ᠶᠤᠮ᠃ ᠬᠤᠶᠢᠰᠢᠳᠠ ᠪᠤᠯᠪᠠᠰᠤᠷᠠᠯ ᠰᠤᠷᠢᠭ᠎ᠠ ᠪᠠᠨ ᠴᠢᠨᠠᠬᠰᠢᠳᠠ ᠴᠢᠩᠭᠠᠳᠬᠠᠵᠥ᠂ ᠨᠠᠩ ᠰᠢᠯᠢᠳᠡᠭ ᠬᠢᠷᠢ ᠪᠥᠳᠥᠮᠵᠢ ᠤᠯᠬᠤ ᠪᠠᠷ ᠴᠢᠷᠮᠠᠶᠢᠨ᠎ᠠ》 ᠬᠡᠵᠥ ᠤᠮᠤᠬ ᠲᠡᠬᠦᠯᠳᠡᠷ ᠶᠠᠷᠢᠨ᠎ᠠ᠃ 

ᠲᠤᠰ ᠤᠳᠠᠭ᠎ᠠ ᠶᠢᠨ ᠤᠷᠤᠯᠳᠤᠭᠠᠨ ᠳᠤ ᠮᠠᠨ ᠤ ᠤᠷᠤᠨ ᠤ ᠲᠠᠮᠢᠷᠴᠢᠨ ᠶᠠᠩ ᠫᠸᠡᠭ 42 ᠮᠢᠨᠦ᠋ᠲ 56 ᠰᠧᠺᠦ᠋ᠨ᠋ᠳ᠋ ᠤᠨ ᠬᠢᠷᠢ ᠪᠥᠳᠥᠮᠵᠢ ᠪᠠᠷ ᠡᠷᠡᠭᠳᠠᠢ ᠶᠢᠨ ᠲᠤᠭᠤᠢᠢᠯᠠᠩ ᠤᠨ ᠬᠥᠷᠠᠯ ᠮᠧᠳᠠᠯ ᠢ ᠭᠠᠷᠳᠠᠬᠰᠠᠨ ᠪᠠᠶᠢᠨ᠎ᠠ᠃(ᠦᠷᠭᠡᠨ)

ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ