8 ᠰᠠᠷ᠎ᠠ ᠶᠢᠨ 1 — 3 ᠤ ᠡᠳᠤᠷ ᠪᠤᠯᠳᠠᠯ᠎ᠠ᠂ ᠠᠷᠪᠠᠨ ᠲᠥᠷᠪᠡᠳᠥᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠭᠤᠯᠭᠤᠭᠤᠷ ᠬᠥᠷᠳᠤ ᠶᠢᠨ ᠤᠷᠤᠯᠳᠤᠭᠠᠨ ᠬᠥᠯᠥᠨ ᠪᠤᠶᠢᠷ ᠬᠤᠳᠠ ᠶᠢᠨ ᠶᠠᠬᠰᠢ ᠬᠤᠳᠠ ᠶᠢᠨ ᠭᠠᠷᠤᠳᠢ ᠠᠭᠤᠯᠠ ᠶᠢᠨ ᠴᠠᠨᠠᠯᠠᠯᠳᠠ ᠶᠢᠨ ᠤᠷᠤᠯᠳᠤᠭᠠᠨ ᠤ ᠲᠠᠯᠠᠪᠠᠢ ᠳᠤ ᠶᠠᠪᠤᠬᠳᠠᠵᠠᠢ᠃

ᠲᠤᠰ ᠤᠳᠠᠭ᠎ᠠ ᠶᠢᠨ ᠤᠷᠤᠯᠳᠤᠭᠠᠨ ᠳᠤ ᠬᠠᠷᠠᠮᠦ᠋ᠷᠠᠨ᠂ ᠬᠢᠷᠢᠨ᠂ ᠥᠪᠥᠷ ᠮᠤᠩᠭᠤᠯ᠂ ᠰᠢᠨᠵᠢᠶᠠᠩ᠂ ᠪᠡᠭᠡᠵᠢᠩ᠂ ᠲᠥᠪᠡᠳ᠂ ᠲᠢᠶᠠᠨᠵᠢᠨ ᠵᠡᠷᠭᠡ ᠮᠤᠵᠢ ᠤᠷᠤᠨ ᠬᠤᠳᠠ ᠶᠢᠨ 29 ᠲᠥᠯᠥᠭᠡᠯᠡᠭᠴᠢ ᠶᠢᠨ ᠠᠩᠭᠢ ᠶᠢᠨ 292 ᠡᠷᠡᠭᠳᠠᠢ ᠡᠮᠡᠭᠳᠠᠢ ᠲᠠᠮᠢᠷᠴᠢᠨ ᠡᠷᠡᠭᠳᠠᠢ ᠡᠮᠡᠭᠳᠠᠢ ᠶᠢᠨ ᠠᠳᠠᠯᠢ ᠪᠤᠰᠤ ᠺᠢᠯᠥᠮᠧᠲᠷ ᠤᠨ ᠭᠤᠯᠭᠤᠭᠤᠷ ᠬᠥᠷᠳᠤ ᠶᠢᠨ ᠤᠷᠤᠯᠳᠤᠭᠠᠨ ᠳᠤ ᠤᠷ᠎ᠠ ᠴᠢᠳᠠᠯ ᠢᠶᠠᠨ ᠮᠥᠴᠡᠭᠡᠷᠭᠡᠵᠠᠢ᠃ ᠡᠬᠦᠨ ᠳᠤ᠂ ᠮᠠᠨ ᠤ ᠤᠷᠤᠨ ᠤ ᠡᠷᠡᠭᠳᠠᠢ ᠡᠮᠡᠭᠳᠠᠢ ᠲᠠᠮᠢᠷᠴᠢᠨ ᠨᠡᠶᠢᠳᠠ 12 ᠬᠥᠮᠥᠨ ᠲᠤᠰ ᠤᠳᠠᠭ᠎ᠠ ᠶᠢᠨ ᠤᠷᠤᠯᠳᠤᠭᠠᠨ ᠤ ᠠᠳᠠᠯᠢ ᠪᠤᠰᠤ ᠲᠡᠰ ᠤᠨ ᠤᠷᠤᠯᠳᠤᠭᠠᠨ ᠳᠤ ᠤᠷᠤᠯᠴᠠᠪᠠ᠃

ᠤᠷᠤᠯᠳᠤᠭᠠᠨ ᠤ ᠡᠬᠢᠨ ᠤ ᠡᠳᠤᠷ ᠲᠤ ᠡᠷᠡᠭᠳᠠᠢ ᠡᠮᠡᠭᠳᠠᠢ ᠶᠢᠨ ᠥᠢᠷ᠎ᠠ ᠵᠠᠢ ᠶᠢᠨ (ᠤᠯᠠᠮᠵᠢᠯᠠᠯᠳᠤ) ᠭᠤᠯᠭᠤᠭᠤᠷ ᠬᠥᠷᠳᠤ ᠶᠢᠨ ᠰᠢᠢᠳᠪᠤᠷᠢᠳᠤ ᠤᠷᠤᠯᠳᠤᠭᠠᠨ ᠶᠠᠪᠤᠬᠳᠠᠵᠥ ᠤᠷᠤᠯᠳᠤᠭᠠᠨ ᠤ ᠳ᠋ᠥᠡᠭ ᠳᠤ ᠬᠠᠷᠠᠮᠦ᠋ᠷᠠᠨ ᠮᠤᠵᠢ ᠶᠢᠨ ᠲᠠᠮᠢᠷᠴᠢᠨ ᠰᠥᠨ ᠴᠢᠩ ᠬᠠᠢ ᠡᠷᠡᠭᠳᠠᠢ ᠶᠢᠨ ᠥᠢᠷ᠎ᠠ ᠵᠠᠢ ︵ᠤᠯᠠᠮᠵᠢᠯᠠᠯᠳᠤ︶ ᠰᠢᠢᠳᠪᠤᠷᠢᠳᠤ ᠤᠷᠤᠯᠳᠤᠭᠠᠨ ᠳᠤ ᠲᠥᠷᠥᠬᠦᠯᠡᠨ ᠠᠯᠳᠠᠨ ᠮᠧᠳᠠᠯ ᠭᠠᠷᠳᠠᠵᠥ᠂ ᠬᠢᠷᠢᠨ ᠮᠤᠵᠢ ᠶᠢᠨ ᠲᠠᠮᠢᠷᠴᠢᠨ ᠮᠠ ᠴᠢᠩ ᠬᠤᠸᠠ ᠡᠮᠡᠭᠳᠠᠢ ᠶᠢᠨ ᠥᠢᠷ᠎ᠠ ᠵᠠᠢ (ᠤᠯᠠᠮᠵᠢᠯᠠᠯᠳᠤ) ᠶᠢᠨ ᠤᠷᠤᠯᠳᠤᠭᠠᠨ ᠳᠤ ᠠᠯᠳᠠᠨ ᠮᠧᠳᠠᠯ ᠭᠠᠷᠳᠠᠬᠰᠨᠨ ᠪᠠᠶᠢᠨ᠎ᠠ᠃ 

ᠤᠷᠤᠯᠳᠤᠭᠠᠨ ᠤ ᠬᠤᠶᠠᠳᠤᠭᠠᠷ ᠡᠳᠤᠷ ᠲᠤ ᠡᠮᠡᠭᠳᠠᠢ ᠶᠢᠨ 10 ᠺᠢᠯᠥᠮᠧᠲᠷ ᠪᠠ ᠡᠷᠡᠭᠳᠠᠢ ᠶᠢᠨ 15 ᠺᠢᠯᠥᠮᠧᠲᠷ ᠤᠨ ᠭᠤᠯᠭᠤᠭᠤᠷ ᠬᠥᠷᠳᠤ ᠶᠢᠨ ᠤᠷᠤᠯᠳᠤᠭᠠᠨ ᠶᠠᠪᠤᠬᠳᠠᠵᠥ᠂ ᠡᠮᠡᠭᠳᠠᠢ ᠶᠢᠨ 10 ᠺᠢᠯᠥᠮᠧᠲᠷ ᠤᠨ ᠤᠷᠤᠯᠳᠤᠭᠠᠨ ᠳᠤ ᠴᠢᠯᠥᠭᠡᠯᠡᠬᠦ ᠴᠡᠷᠢᠭ ᠤᠨ ᠠᠩᠭᠢ ᠶᠢᠨ ᠲᠠᠮᠢᠷᠴᠢᠨ ᠲᠠᠩ ᠵᠢᠶᠠ ᠯᠢᠨ 24 ᠮᠢᠨᠦ᠋ᠲ 36 ᠰᠧᠺᠦ᠋ᠨ᠋ᠳ᠋ ᠤᠨ ᠬᠢᠷᠢ ᠪᠥᠳᠥᠮᠵᠢ ᠪᠠᠷ ᠲᠥᠷᠥᠬᠦᠯᠡᠪᠠ᠃ ᠲᠤᠰ ᠤᠷᠤᠯᠳᠤᠭᠠᠨ ᠳᠤ ᠮᠠᠨ ᠤ ᠤᠷᠤᠨ ᠤ ᠲᠠᠮᠢᠷᠴᠢᠨ ᠳ᠋ᠢᠩ ᠢᠤᠢ ᠬᠤᠸᠠᠨ᠂ ᠯᠢ ᠵᠢᠶᠠ ᠷᠥᠡᠭ ᠨᠠᠢᠮᠠᠳᠤᠭᠠᠷ᠂ ᠶᠢᠰᠥᠳᠥᠭᠡᠷ ᠨᠡᠷᠡᠰ ᠲᠤ ᠤᠷᠤᠬᠰᠠᠨ ᠪᠠᠶᠢᠨ᠎ᠠ᠃ ᠡᠷᠡᠭᠳᠠᠢ ᠶᠢᠨ 15 ᠺᠢᠯᠥᠮᠧᠲᠷ ᠤᠨ ᠤᠷᠤᠯᠳᠤᠭᠠᠨ ᠳᠤ ᠴᠢᠯᠥᠭᠡᠯᠡᠬᠦ ᠴᠡᠷᠢᠭ ᠤᠨ ᠠᠩᠭᠢ ᠶᠢᠨ ᠲᠥᠯᠥᠭᠡᠯᠡᠭᠴᠢ ᠶᠢᠨ ᠠᠩᠭᠢ ᠶᠢᠨ ᠲᠠᠮᠢᠷᠴᠢᠨ ᠶᠠᠨ ᠰᠢᠩ ᠶᠤᠸᠠᠨ 32 ᠮᠢᠨᠦ᠋ᠲ 41 ᠰᠧᠺᠦ᠋ᠨ᠋ᠳ᠋ ᠤᠨ ᠬᠢᠷᠢ ᠪᠥᠳᠥᠮᠵᠢ ᠪᠠᠷ ᠲᠥᠷᠥᠬᠦᠯᠠᠨ ᠠᠯᠳᠠᠨ ᠮᠧᠳᠠᠯ ᠭᠠᠷᠳᠠᠵᠠᠢ᠃ ᠮᠠᠨ ᠤ ᠤᠷᠤᠨ ᠤ ᠲᠠᠮᠢᠷᠴᠢᠨ ᠯᠢ ᠰᠢᠤᠸᠠᠢ ᡁᠢ ᠲᠤᠰ ᠤᠷᠤᠯᠳᠤᠭᠠᠨ ᠳᠤ ᠲᠥᠷᠪᠡᠳᠥᠭᠡᠷ ᠲᠤ ᠤᠷᠤᠵᠠᠢ᠃

3 ᠤ ᠡᠳᠤᠷ ᠡᠮᠡᠭᠳᠠᠢ ᠶᠢᠨ 4 × 5km ᠤᠨ ᠪᠤᠤᠬᠢᠶ᠎ᠠ ᠤᠷᠤᠯᠳᠤᠭᠠᠨ ᠪᠠ ᠡᠷᠡᠭᠳᠠᠢ ᠶᠢᠨ 4 × 10km ᠤᠨ ᠪᠤᠤᠬᠢᠶ᠎ᠠ ᠤᠷᠤᠯᠳᠤᠭᠠᠨ ᠶᠠᠪᠤᠬᠳᠠᠵᠥ᠂ ᠤᠷᠤᠯᠳᠤᠭᠠᠨ ᠤ ᠳ᠋ᠥᠡᠭ ᠳᠤ ᠬᠠᠷᠠᠮᠦ᠋ᠷᠠᠨ ᠢᠶᠠᠷ ᠲᠥᠯᠥᠭᠡᠯᠡᠭᠦᠯᠥᠭᠰᠡᠨ ᠮᠤᠵᠢ ᠠᠯᠤᠰᠯᠠᠬᠰᠠᠨ ᠲᠥᠯᠥᠭᠡᠯᠡᠭᠴᠢ ᠶᠢᠨ ᠠᠩᠭᠢ ᠶᠢᠨ ᠲᠠᠮᠢᠷᠴᠢᠨ 50 ᠮᠢᠨᠦ᠋ᠲ 1 ᠰᠧᠺᠦ᠋ᠨ᠋ᠳ᠋ ᠤᠨ ᠬᠢᠷᠢ ᠪᠥᠳᠥᠮᠵᠢ ᠪᠠᠷ ᠲᠥᠷᠥᠬᠦᠯᠠᠵᠠᠢ᠃ ᠴᠢᠯᠥᠭᠡᠯᠡᠬᠦ ᠴᠡᠷᠢᠭ ᠤᠨ ᠠᠩᠭᠢ ᠪᠠᠷ ᠲᠥᠯᠥᠭᠡᠯᠡᠬᠦᠯᠥᠭᠰᠡᠨ ᠮᠤᠵᠢ ᠠᠯᠤᠰᠯᠠᠬᠰᠠᠨ ᠲᠥᠯᠥᠭᠡᠯᠡᠭᠴᠢ ᠶᠢᠨ ᠠᠩᠭᠢ 1 ᠴᠠᠬ 30 ᠮᠢᠨᠦ᠋ᠲ 47 ᠰᠧᠺᠦ᠋ᠨ᠋ᠳ᠋ ᠤᠨ ᠬᠢᠷᠢ ᠪᠥᠳᠥᠮᠵᠢ ᠪᠠᠷ ᠠᠯᠳᠠᠨ ᠮᠧᠳᠠᠯ ᠭᠠᠷᠳᠠᠪᠠ᠃ ᠡᠬᠦᠨ ᠳᠤ᠂ ᠮᠠᠨ ᠤ ᠤᠷᠤᠨ ᠤ ᠲᠠᠮᠢᠷᠴᠢᠨ ᠯᠢ ᠰᠢᠤᠸᠠᠢ ᡁᠢ ᠴᠢᠯᠥᠭᠡᠯᠡᠬᠦ ᠴᠡᠷᠢᠭ ᠤᠨ ᠠᠩᠭᠢ ᠶᠢᠨ ᠲᠠᠮᠢᠷᠴᠢᠨ ᠢᠶᠠᠷ ᠤᠷᠤᠯᠳᠤᠭᠠᠨ ᠳᠤ ᠤᠷᠤᠯᠴᠠᠭᠠᠳ ᠠᠯᠳᠠᠨ ᠮᠧᠳᠠᠯ ᠭᠠᠷᠳᠠᠬᠰᠠᠨ ᠪᠠᠶᠢᠨ᠎ᠠ᠃( ᠦᠷᠭᠡᠨ)


ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ