7e375257-fdbe-4e72-b21e-7c01fbd30acb.jpeg

7 ᠰᠠᠷ᠎ᠠ ᠶᠢᠨ 28 ᠤ ᠥᠳᠡ ᠶᠢᠨ ᠡᠮᠥᠨ᠎ᠠ᠂ ᠠᠷᠪᠠᠨ ᠲᠥᠷᠪᠡᠳᠥᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠭᠤᠯᠭᠤᠭᠤᠷ ᠬᠥᠷᠳᠤ + ᠫᠤᠤᠳᠠᠯᠭ᠎ᠠ ᠶᠢᠨ ᠤᠷᠤᠯᠳᠤᠭᠠᠨ ᠤ ᠡᠮᠡᠭᠳᠠᠢ ᠶᠢᠨ 12.5 ᠺᠢᠯᠥᠮᠧᠲᠷ ᠤᠨ ᠤᠢᠢᠷ᠎ᠠ ᠵᠠᠢ ᠶᠢᠨ ᠤᠷᠤᠯᠳᠤᠭᠠᠨ ᠶᠠᠬᠰᠢ ᠬᠤᠳᠠ ᠶᠢᠨ ᠭᠠᠷᠤᠳᠢ ᠠᠭᠤᠯᠠ ᠶᠢᠨ ᠴᠠᠨᠠᠯᠠᠯᠳᠠ ᠶᠢᠨ ᠤᠷᠤᠯᠳᠤᠭᠠᠨ ᠤ ᠲᠠᠯᠠᠪᠠᠢ ᠳᠤ ᠬᠤᠷᠴᠠ ᠰᠢᠷᠦᠬᠦᠨ ᠦᠷᠢᠰᠦᠯᠳᠦᠵᠦ᠂ ᠮᠠᠨ ᠤ ᠤᠷᠤᠨ ᠤ ᠲᠠᠮᠢᠷᠴᠢᠨ ᠴᠥ᠋ ᠶᠤᠸᠠᠨ ᠮᠸᠡᠭ ᠲᠡᠳ᠋ ᠪᠠᠶᠢᠷᠢᠨ ᠳᠤ ᠲᠤᠳᠤᠷᠠᠵᠤ ᠮᠥᠡᠭᠭᠦᠨ ᠮᠧᠳᠠᠯ ᠭᠠᠷᠳᠠᠬᠰᠠᠨ ᠪᠠᠶᠢᠨ᠎ᠠ᠃ 

14 ᠳ᠋ᠤᠭᠡᠷ ᠲᠠᠮᠢᠷᠴᠢᠨ ᠴᠥ᠋ ᠶᠤᠸᠠᠨ ᠮᠸᠡᠭ 9 ᠴᠠᠬ ᠬᠠᠭᠠᠰ ᠤᠨ ᠥᠶᠡᠰ ᠢᠶᠠᠷ ᠤᠷᠤᠯᠳᠤᠭᠠᠨ ᠢᠶᠠᠨ ᠡᠬᠢᠯᠡᠬᠦᠯᠵᠥ᠂ ᠤᠷᠤᠯᠳᠤᠭᠠᠨ ᠤ ᠶᠠᠪᠤᠴᠠ ᠳᠤ ᠭᠠᠵᠠᠷ ᠡᠯᠢᠭᠡᠳᠠᠨ ᠫᠤᠤᠳᠠᠬᠤ ᠫᠤᠤᠳᠠᠯᠭ᠎ᠠ ᠳᠤ ᠨᠢᠬᠡ ᠫᠠᠢ ᠶᠢ ᠤᠨᠤᠭᠠᠵᠥ ᠲᠡᠶᠢᠯᠥᠭᠰᠡᠨ ᠥᠬᠡᠢ 45 ᠰᠧᠺᠦ᠋ᠨ᠋ᠳ᠋ ᠤᠨ ᠬᠤᠪᠢ ᠪᠠᠨ ᠬᠠᠰᠤᠭᠤᠯᠵᠥ 38 ᠮᠢᠨᠦ᠋ᠲ 54 ᠰᠧᠺᠥ᠋ᠨ᠋ᠳ᠋ ᠤᠨ ᠬᠢᠷᠢ ᠪᠥᠳᠥᠮᠵᠢ ᠪᠠᠷ ᠲᠡᠳ᠋ᠯᠠᠵᠥ᠂ ᠴᠢᠯᠥᠭᠡᠯᠡᠬᠦ ᠴᠡᠷᠢᠭ ᠤᠨ ᠲᠥᠯᠥᠭᠡᠯᠡᠭᠴᠢ ᠶᠢᠨ ᠠᠩᠭᠢ ᠶᠢᠨ ᠲᠠᠮᠢᠷᠴᠢᠨ ᠵᠠᠩ ᠶᠠᠨ 36 ᠮᠢᠨᠦ᠋ᠲ 3 ᠰᠧᠺᠦ᠋ᠨ᠋ᠳ᠋ ᠤᠨ ᠰᠢᠯᠢᠳᠡᠭ ᠬᠢᠷᠢ ᠪᠥᠳᠥᠮᠵᠢ ᠪᠠᠷ ᠲᠤᠰ ᠤᠷᠤᠯᠳᠤᠭᠠᠨ ᠤ ᠲᠡᠷᠢᠬᠦᠨ ᠳᠤ ᠲᠤᠳᠤᠷᠠᠵᠠᠢ᠃ 

ᠤᠷᠤᠯᠳᠤᠭᠠᠨ ᠤ ᠲᠥᠷᠢᠮ ᠢ ᠥᠨᠳᠤᠰᠤᠯᠠᠪᠠᠯ᠂ ᠲᠡᠮᠢᠷᠴᠢᠨ ᠡᠬᠢᠯᠡᠨ ᠤᠷᠤᠯᠳᠤᠬᠤ ᠳᠤ ᠨᠢᠬᠡ ᠮᠢᠨᠦ᠋ᠲ ᠠᠯᠤᠰᠯᠠᠬᠤ ᠪᠥᠷᠢ ᠨᠥᠬᠦᠬᠡ ᠨᠢᠬᠡ ᠲᠠᠮᠢᠷᠴᠢᠨ ᠨᠢ ᠤᠷᠤᠯᠳᠤᠭᠠᠨ ᠢᠶᠠᠨ ᠡᠬᠢᠯᠡᠬᠦᠯᠵᠥ᠂ ᠨᠡᠶᠢᠳᠠ 5 ᠲᠤᠭᠤᠷᠢᠬ ᠲᠥᠷᠭᠡᠨ ᠭᠤᠯᠭᠤᠯᠳᠠ ᠪᠠᠷ 12.5 ᠺᠢᠯᠥᠮᠧᠲᠷ ᠤᠨ ᠤᠷᠤᠯᠳᠤᠭᠠᠨ ᠤ ᠵᠠᠮ ᠱᠤᠭᠤᠮ ᠢ ᠤᠷᠤᠯᠳᠤᠨ ᠲᠠᠭᠤᠰᠬᠠᠬᠤ ᠶᠠᠪᠤᠴᠠ ᠳᠠᠭᠠᠨ ᠨᠡᠶᠢᠳᠠ 20 ᠤᠳᠠᠭ᠎ᠠ ᠶᠢᠨ ᠫᠤᠤᠳᠠᠯᠭ᠎ᠠ ᠬᠢᠳᠡᠭ᠃ ᠡᠬᠦᠨ ᠳᠤ᠂ 1 ᠫᠠᠢ ᠶᠢ ᠤᠨᠤᠭᠠᠵᠥ ᠲᠠᠶᠢᠯᠥᠭᠰᠡᠨ ᠥᠭᠡᠢ ᠪᠤᠯ ᠲᠤᠰ ᠲᠠᠮᠢᠷᠴᠢᠨ ᠤ ᠤᠷᠤᠯᠳᠤᠭᠠᠨ ᠤ ᠶᠡᠷᠥᠩᠭᠡᠢ ᠬᠤᠪᠢ ᠠᠴᠠ 45 ᠰᠧᠺᠦ᠋ᠨ᠋ᠳ᠋ ᠬᠠᠰᠤᠳᠠᠬ᠃ ᠴᠢᠯᠥᠭᠡᠯᠡᠬᠦ ᠴᠡᠷᠢᠭ ᠤᠨ ᠲᠥᠯᠥᠭᠡᠯᠡᠭᠴᠢ ᠶᠢᠨ ᠠᠩᠭᠢ ᠶᠢᠨ ᠲᠠᠮᠢᠷᠴᠢᠨ ᠵᠠᠩ ᠶᠠᠨ 20 ᠫᠠᠢ ᠶᠢ ᠪᠥᠬᠦᠨ ᠢ ᠤᠨᠤᠭᠠᠵᠥ ᠲᠤᠰ ᠤᠷᠤᠯᠳᠤᠭᠠᠨ ᠳᠤ ᠲᠥᠷᠥᠬᠦᠯᠡᠪᠠ᠃( ᠦᠷᠭᠡᠨ)

adc26f1b-5fd7-4b80-b5e0-c25d2e54eed6.jpg

ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ