7 ᠰᠠᠷ᠎ᠠ ᠶᠢᠨ 27 — 29 ᠤ ᠡᠳᠤᠷ ᠪᠤᠯᠳᠠᠯ᠎ᠠ ᠬᠥᠯᠥᠨ ᠪᠤᠶᠢᠷ ᠬᠤᠳᠠ ᠶᠢᠨ ᠶᠠᠬᠰᠢ ᠬᠤᠳᠠ ᠶᠢᠨ ᠭᠠᠷᠤᠳᠢ ᠠᠭᠤᠯᠠ ᠶᠢᠨ ᠴᠠᠨᠠᠯᠠᠯᠳᠠ ᠶᠢᠨ ᠤᠷᠤᠯᠳᠤᠭᠠᠨ ᠤ ᠲᠠᠯᠠᠪᠠᠢ ᠳᠤ ᠶᠠᠪᠤᠬᠳᠠᠬᠰᠠᠨ ᠠᠷᠪᠠᠨ ᠲᠥᠷᠪᠡᠳᠤᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠭᠤᠯᠭᠤᠭᠤᠷ ᠬᠥᠷᠳᠤ + ᠫᠤᠤᠳᠠᠯᠭ᠎ᠠ ᠶᠢᠨ ᠤᠷᠤᠯᠳᠤᠭᠠᠨ ᠳᠤ ᠮᠠᠨ ᠤ ᠤᠷᠤᠨ ᠤ ᠲᠠᠮᠢᠷᠴᠢᠨ 3 ᠠᠯᠳᠠᠨ ᠮᠧᠳᠠᠯ 4 ᠮᠥᠡᠭᠭᠦᠨ ᠮᠧᠳᠠᠯ 3 ᠬᠥᠷᠡᠯ ᠮᠧᠳᠠᠯ ᠤᠨ ᠰᠢᠯᠢᠳᠡᠭ ᠬᠢᠷᠢ ᠪᠥᠳᠥᠮᠵᠢ ᠶᠢ ᠡᠬᠦᠳᠴᠠᠢ᠃ 

ᠲᠤᠰ ᠤᠳᠠᠭ᠎ᠠ ᠶᠢᠨ ᠭᠤᠯᠭᠤᠭᠤᠷ ᠬᠥᠷᠳᠤ + ᠫᠤᠤᠳᠠᠯᠭ᠎ᠠ ᠶᠢᠨ ᠤᠷᠤᠯᠳᠤᠭᠠᠨ ᠪᠤᠯ ᠲᠤᠰ ᠬᠤᠭᠤᠴᠠᠭᠠᠨ ᠤ ᠲᠠᠮᠢᠷ ᠤᠨ ᠴᠤᠬᠯᠠᠭᠠᠨ ᠤ ᠠᠩᠬᠠᠨ ᠤ ᠬᠤᠭᠤᠴᠠᠭᠠᠨ ᠤ ᠤᠷᠤᠯᠳᠤᠭᠠᠨ ᠪᠠᠶᠢᠵᠥ᠂ ᠤᠷᠤᠯᠳᠤᠭᠠᠨ ᠳᠤ ᠥᠪᠥᠷ ᠮᠤᠩᠭᠤᠯ᠂ ᠬᠢᠷᠢᠨ᠂ ᠾᠧᠨᠠᠨ᠂ ᠵᠧᠵᠢᠶᠠᠩ᠂ ᠰᠧᠴᠤᠸᠠᠨ᠂ ᠴᠢᠯᠥᠭᠡᠯᠡᠬᠦ ᠴᠡᠷᠢᠭ ᠤᠨ ᠠᠩᠭᠢ ᠵᠡᠷᠭᠡ 12 ᠲᠥᠯᠥᠭᠡᠯᠡᠭᠴᠢ ᠶᠢᠨ ᠠᠩᠭᠢ ᠶᠢᠨ 89 ᠲᠠᠮᠢᠷᠴᠢᠨ ᠤᠷᠢᠳ ᠬᠤᠵᠢᠳ ᠡᠮᠡᠭᠳᠠᠢ ᠶᠢᠨ 4 × 6 ᠺᠢᠯᠤᠮᠧᠲᠷ ᠤᠨ ᠡᠮᠡᠭᠳᠠᠢ ᠶᠢᠨ ᠪᠤᠤᠬᠢᠶ᠎ᠠ ᠤᠷᠤᠯᠳᠤᠭᠠᠨ᠂ 4 × 7.5 ᠺᠢᠯᠥᠮᠧᠲᠷ ᠤᠨ ᠡᠷᠡᠭᠳᠠᠢ ᠶᠢᠨ ᠪᠤᠤᠬᠢᠶ᠎ᠠ ᠤᠷᠤᠯᠳᠤᠭᠠᠨ᠂ ᠡᠮᠡᠭᠳᠠᠢ ᠶᠢᠨ 12.5 ᠺᠢᠯᠥᠮᠧᠲᠷ ᠤᠨ ᠤᠢᠢᠷ᠎ᠠ ᠵᠠᠢ ᠶᠢᠨ ᠤᠷᠤᠯᠳᠤᠭᠠᠨ᠂ ᠡᠷᠡᠭᠳᠠᠢ ᠶᠢᠨ 15 ᠺᠢᠯᠥᠮᠧᠲᠷ ᠤᠨ ᠤᠢᠢᠷ᠎ᠠ ᠵᠠᠢ ᠶᠢᠨ ᠤᠷᠤᠯᠳᠤᠭᠠᠨ᠂ ᠡᠮᠡᠭᠳᠠᠢ ᠶᠢᠨ 7.5 ᠺᠢᠯᠤᠮᠧᠲᠷ ᠤᠨ ᠤᠢᠢᠷ᠎ᠠ ᠵᠠᠢ ᠶᠢᠨ ᠤᠷᠤᠯᠳᠤᠭᠠᠨ ᠪᠠ ᠡᠷᠡᠭᠳᠠᠢ ᠶᠢᠨ 10 ᠺᠢᠯᠥᠮᠧᠲᠷ ᠤᠨ ᠤᠷᠤᠯᠳᠤᠭᠠᠨ ᠳᠤ ᠤᠷᠤᠯᠴᠠᠨ ᠲᠡᠷᠢᠬᠦᠨ ᠲᠡᠳ᠋ ᠢ ᠪᠤᠯᠢᠶᠠᠯᠳᠤᠪᠠ᠃ ᠡᠬᠦᠨ ᠳᠤ᠂ ᠮᠠᠨ ᠤ ᠤᠷᠤᠨ ᠤ ᠲᠠᠮᠢᠷᠴᠢᠨ ᠴᠥ᠋ ᠶᠤᠸᠠᠨ ᠮᠸᠡᠭ ᠪᠠ ᠯᠢ ᠰᠢᠤᠸᠠᠢ ᡁᠢ ᠥᠪᠥᠷ ᠮᠤᠩᠭᠤᠯ ᠢᠶᠠᠷ ᠲᠥᠯᠥᠭᠡᠯᠡᠬᠦᠯᠥᠭᠰᠡᠨ ᠮᠤᠵᠢ ᠠᠯᠤᠰᠯᠠᠬᠰᠠᠨ ᠲᠥᠯᠥᠭᠡᠯᠡᠭᠴᠢ ᠶᠢᠨ ᠠᠩᠭᠢ ᠳᠤ ᠤᠷᠤᠯᠴᠠᠨ ᠲᠤᠰ ᠲᠤᠰ ᠡᠮᠡᠭᠳᠠᠢ ᠶᠢᠨ ᠪᠤᠤᠬᠢᠶ᠎ᠠ ᠤᠷᠤᠯᠳᠤᠭᠠᠨ᠂ 4 × 7.5 ᠺᠢᠯᠥᠮᠧᠲᠷ ᠤᠨ ᠡᠷᠡᠭᠳᠠᠢ ᠶᠢᠨ ᠪᠤᠤᠬᠢᠶ᠎ᠠ ᠤᠷᠤᠯᠳᠤᠭᠠᠨ᠂ ᠡᠮᠡᠭᠳᠠᠢ ᠶᠢᠨ 12.5 ᠺᠢᠯᠥᠮᠧᠲᠷ ᠤᠨ ᠤᠢᠢᠷ᠎ᠠ ᠵᠠᠢ ᠶᠢᠨ ᠤᠷᠤᠯᠳᠤᠭᠠᠨ ᠳᠤ ᠤᠷᠤᠯᠴᠠᠨ ᠠᠯᠳᠠᠨ ᠮᠧᠳᠠᠯ ᠭᠠᠷᠳᠠᠵᠥ᠂ ᠲᠠᠮᠢᠷᠴᠢᠨ ᠯᠢ ᠰᠢᠤᠸᠠᠢ ᡁᠢ ᠡᠷᠡᠭᠳᠠᠢ ᠶᠢᠨ 15 ᠺᠢᠯᠥᠮᠧᠲᠷ ᠤᠨ ᠥᠢᠷ᠎ᠠ ᠵᠠᠢ ᠶᠢᠨ ᠤᠷᠤᠯᠳᠤᠭᠠᠨ ᠳᠤ ᠲᠥᠷᠥᠬᠦᠯᠡᠭᠰᠡᠨ ᠪᠠᠶᠢᠨ᠎ᠠ᠃ 

ᠥᠪᠡᠷᠳᠡᠭᠡᠨ ᠵᠠᠰᠠᠬᠤ ᠤᠷᠤᠨ ᠤ ᠪᠡᠶ᠎ᠠ ᠶᠢᠨ ᠲᠠᠮᠢᠷ ᠤᠨ ᠲᠤᠪᠴᠢᠶ᠎ᠠ᠂ ᠬᠥᠯᠥᠨ ᠪᠤᠶᠢᠷ ᠬᠤᠳᠠ ᠶᠢᠨ ᠪᠡᠶ᠎ᠠ ᠶᠢᠨ ᠲᠠᠮᠢᠷ ᠤᠨ ᠲᠤᠪᠴᠢᠶ᠎ᠠ ᠵᠡᠷᠭᠡ ᠬᠤᠯᠪᠤᠬᠳᠠᠯ ᠪᠥᠬᠦᠢ ᠰᠠᠯᠠᠭ᠎ᠠ ᠮᠥᠴᠢᠷ ᠤᠨ ᠰᠤᠨᠢᠨ ᠮᠡᠳᠡᠭᠡ ᠨᠠᠶᠢᠳᠠᠯᠠᠬᠦ ᠬᠤᠷᠠᠯ ᠠᠴᠠ ᠥᠢᠯᠠᠭᠠᠬᠰᠠᠨ ᠢᠶᠠᠷ᠂ ᠲᠤᠰ ᠤᠳᠠᠭ᠎ᠠ ᠶᠢᠨ ᠤᠷᠤᠯᠳᠤᠭᠠᠨ ᠨᠢ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠳᠤ ᠠᠩᠬ᠎ᠠ ᠤᠳᠠᠭ᠎ᠠ ᠵᠤᠨ ᠤ ᠤᠯᠠᠷᠢᠯ ᠤᠨ ᠤᠷᠤᠯᠳᠤᠭᠠᠨ ᠢ ᠵᠢᠩᠭᠢᠨᠢ ᠤᠷᠤᠯᠳᠤᠭᠠᠨ ᠤ ᠨᠢᠬᠡ ᠲᠥᠷᠥᠯ ᠪᠤᠯᠭᠠᠪᠠ︔ ᠤᠷᠤᠯᠳᠤᠭᠠᠨ ᠳᠤ᠂ ᠠᠷᠪᠠᠨ ᠲᠥᠷᠪᠡᠳᠥᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠲᠥᠷᠥᠬᠦᠥ ᠠᠯᠳᠠᠨ ᠮᠧᠳᠠᠯ ᠤᠨ ᠡᠵᠡᠨ ᠨᠢ ᠲᠤᠳᠤᠷᠠᠵᠠᠢ︔ ᠤᠷᠤᠯᠳᠤᠭᠠᠨ ᠳᠤ ᠤᠯᠢᠮᠫᠢᠺ ᠤᠨ ᠲᠠᠮᠢᠷ ᠤᠨ ᠴᠤᠬᠯᠠᠭᠠᠨ ᠤ ᠪᠠᠷᠢᠮᠵᠢᠶᠠᠳᠤ ᠪᠤᠯᠪᠠᠰᠤᠷᠠᠯ ᠢ ᠬᠥᠷᠳᠡᠭᠰᠡᠨ ᠬᠢᠨᠠᠬᠴᠢ ᠶᠢ ᠶᠡᠭᠡ ᠪᠠᠷ ᠤᠷᠢᠵᠥ ᠭᠡᠷᠡᠭᠯᠡᠪᠡ︔ ᠭᠤᠯᠭᠤᠭᠤᠷ ᠬᠥᠷᠳᠤ + ᠫᠤᠤᠳᠠᠯᠭ᠎ᠠ ᠶᠢᠨ ᠤᠷᠤᠯᠳᠤᠭᠠᠨ ᠳᠤ ᠤᠷᠤᠯᠴᠠᠬᠰᠠᠨ ᠲᠠᠮᠢᠷᠴᠢᠨ ᠪᠠ ᠲᠥᠯᠥᠭᠡᠯᠡᠭᠴᠢ ᠶᠢᠨ ᠠᠩᠭᠢ ᠶᠢᠨ ᠲᠤᠭ᠎ᠠ ᠲᠡᠤᠭᠡ ᠶᠢᠨ ᠰᠢᠨ᠎ᠠ ᠶᠢ ᠡᠬᠦᠳᠥᠭᠰᠡᠨ ᠪᠠᠶᠢᠨ᠎ᠠ᠃ 

ᠥᠢᠯᠠᠭᠠᠬᠰᠠᠨ ᠢᠶᠠᠷ᠂ ᠠᠷᠪᠠᠨ ᠲᠥᠷᠪᠡᠳᠥᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠭᠤᠯᠭᠤᠭᠤᠷ ᠬᠥᠷᠳᠤ ᠶᠢᠨ ᠬᠡᠭᠡᠷᠡᠯᠡᠨ ᠤᠷᠤᠯᠳᠤᠬᠤ ᠤᠷᠤᠯᠳᠤᠭᠠᠨ 8 ᠰᠠᠷ᠎ᠠ ᠶᠢᠨ 1 — 3 ᠤ ᠡᠳᠤᠷ ᠪᠤᠯᠳᠠᠯ᠎ᠠ ᠬᠥᠯᠥᠨ ᠪᠤᠶᠢᠷ ᠬᠤᠳᠠ ᠶᠢᠨ ᠶᠠᠬᠰᠢ ᠬᠤᠳᠠ ᠶᠢᠨ ᠭᠠᠷᠤᠳᠢ ᠠᠭᠤᠯᠠ ᠶᠢᠨ ᠴᠠᠨᠠᠯᠠᠯᠳᠠ ᠶᠢᠨ ᠤᠷᠤᠯᠳᠤᠭᠠᠨ ᠤ ᠲᠠᠯᠠᠪᠠᠢ ᠳᠤ ᠶᠠᠪᠤᠬᠳᠠᠬᠤ ᠪᠤᠯᠤᠨ᠎ᠠ᠃( ᠦᠷᠭᠡᠨ)

ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ