ᠲᠡᠯᠬᠡᠷᠡᠬᠦ ᠲᠤᠯᠤᠭᠠᠨ ᠰᠠᠷ᠎ᠠ ᠶᠢᠨ ᠬᠥᠯᠥᠨ ᠪᠤᠶᠢᠷ ᠤᠨ ᠨᠤᠮᠢᠨ ᠨᠤᠭᠤᠭᠠᠨ ᠲᠡᠯ᠎ᠠ ᠨᠤᠳᠤᠬ ᠲᠡᠯᠭᠡᠭᠰᠡᠨ ᠬᠡᠪᠢᠰ ᠰᠢᠭ ᠬᠤᠪᠢ ᠶᠢᠨ ᠭᠠᠳᠠᠨ᠎ᠠ ᠭᠤᠶᠤᠬᠠᠨ᠃ 7 ᠰᠠᠷ᠎ᠠ ᠶᠢᠨ 26 ᠤ ᠥᠳᠡ ᠶᠢᠨ ᠬᠤᠶᠢᠨ᠎ᠠ ᠶᠠᠬᠰᠢ ᠬᠤᠳᠠ ᠳᠤ ᠶᠠᠪᠤᠬᠳᠠᠬᠰᠠᠨ ᠠᠷᠪᠠᠨ ᠲᠥᠷᠪᠡᠳᠤᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠰᠤᠨᠢᠨ ᠮᠡᠳᠡᠭᠡ ᠨᠠᠶᠢᠳᠠᠯᠠᠬᠦ ᠬᠤᠷᠠᠯ ᠠᠴᠠ ᠥᠢᠯᠠᠭᠠᠬᠰᠠᠨ ᠢᠶᠠᠷ᠂ ᠠᠷᠪᠠᠨ ᠲᠥᠷᠪᠡᠳᠤᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠭᠤᠯᠭᠤᠭᠤᠷ ᠬᠥᠷᠳᠤ + ᠫᠤᠤᠳᠠᠯᠭ᠎ᠠ ᠶᠢᠨ ᠤᠷᠤᠯᠳᠤᠭᠠᠨ ᠤ ᠪᠡᠯᠡᠳᠭᠡᠯ ᠠᠵᠢᠯ ᠨᠢᠬᠡᠨᠳᠠ ᠵᠥᠭᠰᠢᠷᠡᠭᠰᠡᠨ ᠪᠠᠶᠢᠨ᠎ᠠ᠃ 

7 ᠰᠠᠷ᠎ᠠ ᠶᠢᠨ 27 ᠤ ᠡᠳᠤᠷ ᠠᠷᠪᠠᠨ ᠲᠥᠷᠪᠡᠳᠤᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠭᠤᠯᠭᠤᠭᠤᠷ ᠬᠥᠷᠳᠤ + ᠫᠤᠤᠳᠠᠯᠭ᠎ᠠ ᠶᠢᠨ ᠤᠷᠤᠯᠳᠤᠭᠠᠨ ᠬᠥᠯᠥᠨ ᠪᠤᠶᠢᠷ ᠬᠤᠳᠠ ᠶᠢᠨ ᠶᠠᠬᠰᠢ ᠬᠤᠳᠠ ᠶᠢᠨ ᠭᠠᠷᠤᠳᠢ ᠠᠭᠤᠯᠠ ᠶᠢᠨ ᠴᠠᠨᠠᠯᠠᠯᠳᠠ ᠶᠢᠨ ᠤᠷᠤᠯᠳᠤᠭᠠᠨ ᠤ ᠲᠠᠯᠠᠪᠠᠢ ᠳᠤ ᠡᠬᠢᠯᠡᠬᠦ ᠪᠤᠯᠤᠨ᠎ᠠ᠃ ᠰᠤᠷᠪᠤᠯᠵᠢᠯᠠᠬᠴᠢ 7 ᠰᠠᠷ᠎ᠠ ᠶᠢᠨ 26 ᠤ ᠥᠳᠡ ᠶᠢᠨ ᠬᠤᠶᠢᠨ᠎ᠠ ᠤᠷᠤᠯᠳᠤᠭᠠᠨ ᠤ ᠲᠠᠯᠠᠪᠠᠢ ᠳᠤ ᠬᠥᠷᠬᠦ ᠳᠤ᠂ ᠭᠤᠯᠭᠤᠭᠤᠷ ᠬᠥᠷᠳᠤ + ᠫᠤᠤᠳᠠᠯᠭ᠎ᠠ ᠶᠢᠨ ᠤᠷᠤᠯᠳᠤᠭᠠᠨ ᠤ ᠵᠠᠮ ᠱᠤᠭᠤᠮ ᠢ ᠨᠢᠬᠡᠨᠳᠠ ᠲᠡᠭᠰᠢᠭᠡᠨ ᠲᠡᠪᠢᠰᠴᠤ᠂ ᠬᠤᠶᠠᠷ ᠬᠠᠵᠠᠭᠤ ᠪᠠᠷ ᠨᠢ ᠲᠠᠮᠢᠷᠴᠢᠳ ᠢ ᠠᠪᠤᠷᠠᠨ ᠲᠤᠰᠠᠯᠠᠬᠤ ᠡᠮ ᠡᠮᠴᠢᠯᠠᠬᠡᠨ ᠤ ᠲᠤᠨᠤᠬ ᠲᠥᠬᠦᠭᠡᠷᠤᠮᠵᠢ ᠶᠢ ᠠᠳᠠᠯᠢ ᠪᠤᠰᠤ ᠤᠷᠤᠨ ᠵᠠᠢ ᠳᠤ ᠪᠡᠯᠡᠳᠭᠡᠨ ᠲᠠᠯᠪᠢᠵᠥ᠂ ᠵᠠᠮ ᠱᠤᠭᠤᠮ ᠤᠨ ᠴᠢᠭᠯᠡᠯ᠂ ᠤᠷᠤᠯᠳᠤᠭᠠᠨ ᠤ ᠡᠬᠢᠯᠠᠯᠳᠠ ᠶᠢᠨ ᠴᠡᠭ᠂ ᠠᠮᠤᠷ ᠲᠥᠪᠰᠢᠨ ᠤ ᠬᠠᠮᠠᠭᠠᠯᠠᠯᠳᠠ ᠶᠢᠨ ᠲᠤᠨᠤᠬ ᠲᠥᠬᠦᠬᠡᠷᠤᠮᠵᠢ ᠵᠡᠷᠭᠡ ᠲᠠᠮᠢᠷᠴᠢᠳ ᠤᠨ ᠠᠮᠤᠷ ᠲᠥᠪᠰᠢᠨ ᠢ ᠬᠠᠮᠠᠭᠠᠯᠠᠬᠤ ᠪᠠᠭᠠᠵᠢ ᠬᠡᠷᠡᠭᠰᠡᠯ ᠤᠳ ᠢ ᠨᠠᠷᠢᠯᠢᠬ ᠪᠠᠶᠢᠷᠢᠯᠠᠭᠤᠯᠤᠨ ᠲᠠᠯᠪᠢᠵᠤ᠂ ᠤᠷᠤᠯᠳᠤᠭᠠᠨ ᠤ ᠤᠷᠤᠬᠰᠢᠳᠠᠢ ᠶᠠᠪᠤᠬᠳᠠᠬᠤ ᠶᠢ ᠪᠠᠳᠤᠯᠠᠵᠥ ᠪᠤᠢ᠃ 

ᠶᠠᠬᠰᠢ ᠬᠤᠳᠠ ᠶᠢᠨ ᠬᠤᠯᠪᠤᠬᠳᠠᠯ ᠪᠥᠬᠦᠢ ᠰᠠᠯᠠᠭ᠎ᠠ ᠮᠥᠴᠢᠷ ᠠᠴᠠ ᠬᠠᠨᠭ᠍ᠭᠠᠬᠰᠠᠨ ᠮᠠᠲ᠋ᠧᠷᠢᠶᠠᠯ ᠳᠤ ᠲᠠᠨᠢᠯᠴᠠᠭᠤᠯᠤᠬᠰᠠᠨ ᠢᠶᠠᠷ᠂ ᠲᠤᠰ ᠤᠳᠠᠭ᠎ᠠ ᠶᠢᠨ ᠤᠷᠤᠯᠳᠤᠭᠠᠨ ᠨᠢ ᠪᠥᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠳᠤ ᠠᠩᠬ᠎ᠠ ᠤᠳᠠᠭ᠎ᠠ ᠵᠤᠨ ᠤ ᠤᠯᠠᠷᠢᠯ ᠤᠨ ᠲᠠᠮᠢᠷ ᠤᠨ ᠤᠷᠤᠯᠳᠤᠭᠠᠨ ᠤ ᠲᠥᠷᠥᠯ ᠢ ᠲᠤᠬᠢᠷᠠᠭᠤᠯᠤᠨ ᠮᠠᠩᠯᠠᠢ ᠰᠢᠯᠭᠠᠷᠠᠭᠤᠯᠵᠥ ᠪᠤᠢ᠃ ᠲᠤᠰ ᠤᠳᠠᠭ᠎ᠠ ᠶᠢᠨ ᠤᠷᠤᠯᠳᠤᠭᠠᠨ ᠤ ᠮᠠᠩᠯᠠᠢ ᠰᠢᠯᠭᠠᠷᠠᠭᠤᠯᠬᠤ ᠶᠠᠪᠤᠴᠠ ᠳᠤ ᠠᠷᠪᠠᠨ ᠲᠥᠷᠪᠡᠳᠤᠭᠡᠷ ᠬᠤᠭᠤᠴᠠᠭᠠᠨ ᠤ ᠪᠥᠬᠦ ᠤᠯᠤᠰ ᠤᠨ ᠡᠪᠤᠯ ᠤᠨ ᠤᠯᠠᠷᠢᠯ ᠤᠨ ᠲᠡᠮᠢᠷ ᠤᠨ ᠴᠤᠬᠯᠠᠭᠠᠨ ᠤ ᠠᠩᠬᠠᠨ ᠤ ᠠᠯᠳᠠᠨ ᠮᠧᠳᠠᠯ ᠲᠤᠳᠤᠷᠠᠬᠤ ᠪᠤᠯᠤᠨ᠎ᠠ᠃ ᠥᠢᠯᠠᠭᠠᠬᠰᠠᠨ ᠢᠶᠠᠷ᠂ ᠵᠤᠨ ᠤ ᠤᠯᠠᠷᠢᠯ ᠤᠨ ᠲᠠᠮᠢᠷ ᠤᠨ ᠤᠷᠤᠯᠳᠤᠭᠠᠨ ᠤ ᠲᠥᠷᠥᠯ ᠢ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠤᠷᠤᠯᠳᠤᠭᠠᠨ ᠤ ᠲᠥᠷᠥᠯ ᠳᠤ ᠲᠤᠬᠢᠷᠠᠭᠤᠯᠤᠬᠰᠠᠨ ᠨᠢ ᠭᠤᠤᠯᠳᠠᠭᠤ ᠡᠪᠤᠯ ᠤᠨ ᠤᠯᠠᠷᠢᠯ ᠤᠨ ᠮᠥᠡᠭᠭᠦᠨ ᠡᠪᠤᠯ ᠤᠨ ᠴᠠᠰᠤ ᠮᠥᠰᠤᠨ ᠤ ᠬᠤᠭᠤᠴᠠᠭ᠎ᠠ ᠤᠬᠤᠷ ᠪᠤᠯᠬᠤᠷ ᠴᠡᠨᠡᠯᠡᠯᠳᠠ ᠶᠢᠨ ᠲᠠᠮᠢᠷᠴᠢᠳ ᠤᠨ ᠰᠤᠷᠢᠭ᠎ᠠ ᠪᠤᠯᠪᠠᠰᠤᠷᠠᠯ ᠪᠠ ᠤᠷᠤᠯᠳᠤᠭᠠᠨ ᠤ ᠬᠤᠭᠤᠴᠠᠭ᠎ᠠ ᠤᠬᠤᠷ ᠪᠤᠯᠵᠥ᠂ ᠤᠯᠠᠨ ᠲᠥᠮᠡᠨ ᠤ ᠡᠪᠤᠯ ᠤᠨ ᠤᠯᠠᠷᠢᠯ ᠤᠨ ᠲᠠᠮᠢᠷ ᠤᠨ ᠬᠥᠳᠡᠯᠭᠡᠭᠡᠨ ᠳᠤ ᠤᠷᠤᠯᠴᠠᠬᠤ ᠢᠳᠡᠪᠬᠢᠵᠢᠯ ᠢ ᠨᠥᠯᠥᠬᠡᠯᠡᠭᠰᠡᠨ ᠢᠶᠠᠷ ᠭᠤᠯᠭᠤᠭᠤᠷ ᠬᠥᠷᠳᠤ ᠪᠠᠷ ᠴᠠᠨᠠᠯᠠᠯᠳᠠ ᠶᠢᠨ ᠤᠷᠤᠯᠳᠤᠭᠠᠨ ᠤ ᠲᠥᠷᠥᠯ ᠪᠤᠯᠭᠠᠨ ᠡᠪᠤᠯ ᠤᠨ ᠤᠯᠠᠷᠢᠯ ᠤᠨ ᠲᠠᠮᠢᠷ ᠤᠨ ᠴᠤᠬᠯᠠᠭᠠᠨ ᠤ ᠨᠢᠬᠡᠨ ᠠᠭᠤᠯᠭ᠎ᠠ ᠪᠤᠯᠭᠠᠵᠥ᠂ ᠴᠠᠰᠤ ᠮᠥᠰᠤᠨ ᠤ ᠲᠠᠮᠢᠷ ᠤᠨ ᠬᠥᠳᠡᠯᠭᠡᠭᠡᠨ ᠳᠤ ᠲᠤᠷ᠎ᠠ ᠪᠠᠭ᠋ᠠᠳᠠᠢ ᠬᠥᠮᠥᠰ ᠤᠨ ᠤᠷᠮ᠎ᠠ ᠵᠤᠷᠢᠬ ᠢ ᠨᠢ ᠲᠠᠶᠢᠴᠢᠯᠠᠬᠤ ᠪᠠᠷ ᠵᠤᠷᠢᠬᠰᠠᠨ ᠪᠠᠶᠢᠨ᠎ᠠ᠃( ᠦᠷᠭᠡᠨ)

ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ