ᠰᠢᠯᠢ ᠶᠢᠨ ᠭᠤᠤᠯ ᠨᠤᠳᠤᠭ ᠲᠤ ᠠᠯᠢ ᠡᠷᠳᠡ ᠬᠠᠭᠤᠴᠢᠨ ᠴᠢᠯᠠᠭᠤᠨ ᠵᠡᠪᠰᠡᠭ ᠤᠨ ᠦᠶ᠎ᠠ ᠠᠴᠠ ᠬᠦᠮᠦᠨ ᠲᠦᠷᠦᠯᠬᠢᠳᠡᠨ ᠤᠷᠤᠰᠢᠨ ᠠᠮᠢᠳᠤᠷᠠᠵᠦ ᠪᠠᠶᠢᠭᠰᠠᠨ ᠤᠯᠠ ᠮᠦᠷ ᠪᠤᠢ᠃ ᠨᠡᠬᠦᠳᠡᠯᠴᠢᠨ ᠦᠨᠳᠦᠰᠦᠳᠡᠨ ᠪᠠᠶᠢᠭᠠᠯᠢ ᠤᠷᠴᠢᠨ ᠲᠠᠢ ᠪᠠᠨ ᠨᠠᠶᠢᠷᠰᠠᠭ ᠢᠶᠠᠷ ᠤᠷᠤᠰᠢᠨ ᠬᠡᠷᠡᠯ ᠬᠢᠯᠪᠠᠭᠠᠳᠤ ᠲᠡᠦᠬᠡ ᠪᠠᠨ ᠡᠬᠦᠳᠬᠦ ᠳᠤ ᠠᠳᠤᠭᠤᠨ ᠰᠤᠶᠤᠯ ᠨᠢ ᠭᠤᠤᠯ ᠤᠷᠤᠰᠬᠠᠯ ᠤᠨ ᠬᠢᠨᠢ ᠨᠢᠬᠡᠨ ᠰᠠᠯᠠᠭ᠎ᠠ ᠪᠤᠯᠤᠭᠰᠠᠨ ᠪᠢᠯᠡ᠃ 

2010 ᠤᠨ ᠤ 4 ᠰᠠᠷ᠎ᠠ ᠶᠢᠨ 25 ᠤ ᠡᠳᠤᠷ ᠲᠤᠮᠳᠠᠳᠤ ᠤᠯᠤᠰ ᠤᠨ ᠠᠳᠤᠭᠤᠨ ᠰᠤᠶᠤᠯ ᠤᠨ ᠨᠡᠶᠢᠬᠡᠮᠯᠢᠭ ᠠᠴᠠ ᠰᠢᠯᠢᠩᠬᠤᠳᠠ ᠪᠠᠷ ᠲᠦᠪ ᠪᠤᠯᠭᠠᠨ ᠰᠢᠯᠢ ᠶᠢᠨ ᠭᠤᠤᠯ ᠠᠶᠢᠮᠠᠭ ᠢ 《ᠲᠤᠮᠳᠠᠳᠤ ᠤᠯᠤᠰ ᠤᠨ ᠠᠳᠤᠭᠤᠨ ᠤ ᠨᠤᠳᠤᠭ》 ᠬᠡᠮᠡᠨ ᠨᠡᠷᠡᠶᠢᠳᠦᠭᠰᠡᠨ ᠪᠢᠯᠡ᠃ ᠶᠡᠷᠤ ᠨᠢ᠂ ᠰᠢᠯᠢ ᠶᠢᠨ ᠭᠤᠤᠯ ᠠᠶᠢᠮᠠᠭ ᠨᠢ ᠠᠯᠢ ᠡᠷᠳᠡᠨ ᠠᠴᠠ ᠠᠳᠤᠭᠤᠨ ᠤ ᠠᠵᠦ ᠦᠢᠯᠡᠰ ᠤᠨ ᠲᠤᠮᠤ ᠤᠷᠤᠨ᠂ ᠦᠨᠢ ᠤᠳᠠᠭᠠᠨ ᠬᠦᠭᠵᠢᠯᠳᠡ ᠶᠢᠨ ᠲᠡᠦᠬᠡ ᠲᠠᠢ ᠬᠡᠳᠡᠭ ᠢ ᠰᠢᠯᠢᠳᠡᠭ ᠡᠬᠦᠯᠳᠡᠷ ᠤᠨ ᠠᠳᠤᠭᠤᠳ ᠨᠢ ᠬᠡᠷᠡᠴᠢᠯᠡᠨ᠎ᠠ᠃ ᠠᠳᠠᠷ ᠪᠠᠶᠠᠨ ᠡᠨᠡ ᠨᠤᠳᠤᠭ ᠲᠤ ᠠᠭᠳᠠ ᠶᠢᠨ ᠲᠦᠪᠡᠷᠬᠡᠨ ᠨᠢᠵᠢᠬᠢᠨᠡᠵᠦ ᠠᠵᠢᠨᠠᠢ ᠬᠦᠯᠦᠭ ᠤᠨ ᠲᠤᠮᠤᠭ ᠪᠠ ᠮᠠᠭᠳᠠᠭᠠᠯ ᠴᠤ ᠦᠯᠡᠮᠵᠢ ᠪᠠᠳᠠᠷᠡᠵᠦ᠂ ᠠᠳᠤᠭᠤᠨ ᠰᠤᠶᠤᠯ ᠢ ᠤᠯᠠᠮᠵᠢᠯᠠᠵᠦ ᠬᠦᠭᠵᠢᠬᠦᠯᠬᠦ ᠪᠠᠷ ᠡᠨᠡ ᠨᠤᠲᠤᠭ ᠤᠨ ᠬᠦᠮᠦᠰ ᠤᠷᠤᠭᠰᠢ ᠴᠢᠷᠮᠠᠶᠢᠬᠰᠠᠭᠠᠷ᠃

《ᠬᠦᠯᠦᠭ ᠤᠨ ᠨᠢᠷᠤᠭᠤᠨ ᠳᠤ ᠬᠠᠨᠭ᠍ᠬᠢᠨᠠᠭᠰᠠᠨ

ᠤᠷᠳᠦ ᠶᠢᠨ ᠳᠠᠭᠤᠤ ᠶᠢᠨ ᠤᠶᠠᠩᠭ᠎ᠠ ᠲᠠᠢ

ᠬᠦᠨᠦᠭ ᠬᠦᠨᠦᠭ ᠢᠶᠠᠷ ᠪᠢᠯᠠᠬᠷᠠᠭᠰᠠᠨ ᠠᠶᠢᠷᠠᠭ ᠴᠡᠬᠡᠨ ᠤ ᠬᠦᠷᠦᠩᠬᠡ ᠲᠠᠢ

ᠬᠤᠯᠡ ᠶᠢᠨ ᠬᠤᠯᠡ ᠶᠢ ᠦᠷᠳᠡᠬᠡᠯᠡᠭᠰᠡᠨ ᠬᠦᠡᠭᠵᠦ ᠶᠢᠨ ᠰᠢᠷᠭᠠᠯ ᠵᠠᠮ ᠲᠠᠢ

ᠬᠤᠨᠭ᠍ᠬᠤᠷ ᠬᠤᠨᠭ᠍ᠬᠤᠷ ᠢᠶᠠᠷ ᠬᠡᠮᠵᠢᠭᠰᠡᠨ ᠬᠤᠷᠢᠨ ᠳᠦᠮᠡᠨ ᠠᠳᠤᠭᠤ ᠲᠠᠢ 

ᠠᠳᠤᠭᠤᠴᠢᠨ ᠬᠤᠰᠢᠭᠤ ᠮᠢᠨᠢ 

ᠶᠠᠭᠠᠬᠢᠭᠰᠠᠨ ᠰᠠᠶᠢᠬᠠᠨ ᠨᠤᠳᠤᠭ ᠶᠤᠮ ᠪᠤᠢ》 ᠬᠡᠵᠦ ᠳᠠᠭᠤᠯᠠᠳᠠᠭ ᠬᠦᠪᠡᠬᠡᠳᠦ ᠰᠢᠷ᠎ᠠ ᠬᠤᠰᠢᠭᠤ ᠪᠤᠯ ᠰᠢᠯᠢ ᠶᠢᠨ ᠭᠤᠤᠯ ᠠᠶᠢᠮᠠᠭ ᠤᠨ ᠪᠠᠷᠠᠭᠤᠨ ᠡᠮᠦᠨᠡᠳᠦ ᠬᠡᠰᠡᠭ ᠲᠤ ᠪᠠᠶᠢᠷᠢᠯᠠᠵᠦ᠂ ᠮᠠᠯᠵᠢᠬᠤ ᠦᠢᠯᠡᠰ ᠢᠶᠠᠷ ᠭᠤᠤᠯ ᠴᠤᠭᠴᠠ ᠪᠤᠯᠭᠠᠵᠦ ᠪᠠᠶᠢᠭ᠎ᠠ ᠮᠠᠯᠵᠢᠯ ᠤᠨ ᠬᠤᠰᠢᠭᠤ ᠪᠤᠯᠤᠨ᠎ᠠ᠃ ᠤᠷᠴᠢᠮ ᠤᠨ ᠵᠢᠯ ᠠᠴᠠ ᠪᠦᠬᠦ ᠬᠤᠰᠢᠭᠤᠨ ᠤ ᠠᠵᠦ ᠠᠬᠤᠢ ᠨᠡᠶᠢᠬᠡᠮ ᠤᠨ ᠡᠯ᠎ᠠ ᠲᠠᠯ᠎ᠠ ᠴᠡᠴᠡᠭᠯᠡᠨ ᠬᠦᠭᠵᠢᠵᠦ᠂ ᠦᠪ ᠰᠤᠶᠤᠯ ᠢᠶᠠᠨ ᠡᠷᠬᠢᠮᠯᠡᠨ ᠲᠡᠭᠡᠳᠦᠯᠡᠭᠰᠡᠨ ᠢᠶᠠᠷ᠂ 《ᠲᠤᠮᠳᠠᠳᠤ ᠤᠯᠤᠰ ᠤᠨ ᠠᠰᠠᠷᠤ ᠠᠶᠠᠯᠭᠤ ᠶᠢᠨ ᠨᠤᠳᠤᠭ》᠂ 《ᠲᠤᠮᠳᠠᠳᠤ ᠤᠯᠤᠰ ᠤᠨ ᠬᠤᠪᠢᠰ ᠬᠦᠭᠵᠢᠮ ᠤᠨ ᠤᠯᠠᠮᠵᠢᠯᠠᠯ ᠤᠨ ᠭᠠᠵᠠᠷ》᠂ 《ᠲᠤᠮᠳᠠᠳᠤ ᠤᠯᠤᠰ ᠤᠨ ᠤᠮᠠᠷᠠᠳᠤ ᠶᠢᠨ ᠴᠢᠯᠠᠭᠤᠨ ᠮᠠᠲ᠋ᠧᠷᠢᠶᠠᠯ ᠤᠨ ᠦᠯᠦᠬᠡᠢ》 ᠵᠡᠷᠬᠡ ᠠᠯᠳᠠᠷ ᠢᠶᠠᠨ ᠳᠠᠭᠤᠷᠢᠰᠤᠭᠤᠯᠵᠦ ᠪᠠᠶᠢᠭ᠎ᠠ ᠶᠤᠮ᠃

ᠠᠳᠤᠭᠤᠨ ᠰᠤᠶᠤᠯ ᠪᠤᠯ ᠮᠤᠩᠭᠤᠯ ᠦᠨᠳᠦᠰᠦᠳᠡᠨ ᠤ ‍ᠦᠪ ᠰᠤᠶᠤᠯ ᠤᠨ ᠴᠢᠬᠤᠯᠠ ᠨᠢᠬᠡ ᠪᠦᠷᠢᠯᠳᠦᠬᠦᠨ ᠬᠡᠰᠡᠭ ᠲᠤᠯᠠ ᠠᠳᠤᠭᠤᠨ ᠰᠤᠶᠤᠯ ᠪᠠ ᠵᠠᠩ ᠦᠢᠯᠡ ᠶᠢ ᠤᠯᠠᠮᠵᠢᠯᠠᠨ ᠬᠠᠳᠠᠭᠠᠯᠠᠬᠤ ᠨᠢ ᠮᠦᠨ ᠴᠦ ᠦᠨᠳᠦᠰᠦᠳᠡᠨ ᠤ ᠪᠠᠨ ᠦᠪ ᠰᠤᠶᠤᠯ ᠢ ᠬᠠᠳᠠᠭᠠᠯᠠᠵᠦ ᠬᠠᠮᠠᠭᠠᠯᠠᠵᠦ ᠬᠦᠭᠵᠢᠬᠦᠯᠬᠦ ᠶᠡᠭᠡ ᠶᠠᠪᠤᠳᠠᠯ ᠪᠤᠯᠤᠨ᠎ᠠ᠃ 《ᠬᠦᠪᠡᠬᠡᠳᠦ ᠰᠢᠷ᠎ᠠ ᠬᠤᠰᠢᠭᠤᠨ ᠤ ᠮᠤᠩᠭᠤᠯ ᠠᠳᠤᠭᠤᠨ ᠰᠤᠶᠤᠯ ᠤᠨ ᠮᠦᠽᠸᠢ》 ᠨᠢ ᠬᠦᠪᠡᠭᠡᠲᠦ ᠰᠢᠷ᠎ᠠ ᠬᠤᠰᠢᠭᠤᠨ ᠤ ᠰᠢᠨᠡᠪᠤᠯᠠᠭ ᠪᠠᠯᠭᠠᠰᠤᠨ ᠳᠤ ᠪᠠᠶᠢᠷᠢᠯᠠᠵᠦ ᠪᠤᠢ᠃ ᠲᠤᠰ ᠮᠦᠽᠸᠢ ᠶᠢ 2008 ᠤᠨ ᠤ 5 ᠰᠠᠷ᠎ᠠ ᠳᠤ ᠬᠦᠪᠡᠬᠡᠳᠦ ᠰᠢᠷ᠎ᠠ ᠬᠤᠰᠢᠭᠤᠨ ᠤ ᠤᠷᠤᠨ ᠨᠤᠳᠤᠭ ᠤᠨ ᠡᠳ᠋ ᠤᠨ ᠵᠠᠰᠠᠭ ᠠᠴᠠ 388 ᠲᠦᠮᠡᠨ ᠲᠦᠬᠦᠷᠢᠭ ᠤᠨ ᠪᠡᠯᠡ ᠤᠷᠤᠭᠤᠯᠤᠨ ᠪᠠᠶᠢᠭᠤᠯᠪᠠ᠃ ᠮᠦᠽᠸᠢ ᠶᠢᠨ ᠭᠠᠳᠠᠷ ᠲᠦᠷᠰᠦ ᠨᠢ ᠪᠦᠬᠡᠷᠡᠩᠬᠡᠢ ᠪᠠᠭᠠᠨᠠᠯᠢᠭ ᠬᠡᠯᠪᠡᠷᠢ ᠲᠠᠢ ᠪᠠᠶᠢᠵᠦ᠂ ᠪᠠᠷᠢᠯᠭ᠎ᠠ ᠶᠢᠨ ᠲᠠᠯᠠᠪᠡᠢ ᠨᠢ 1250 ᠲᠡᠭᠰᠢ ᠲᠦᠷᠪᠡᠯᠵᠢᠨ ᠮᠧᠳ᠋ᠷ᠂ ᠲᠡᠯᠬᠡᠨ ᠦᠵᠡᠬᠦᠯᠬᠡ ᠶᠢᠨ ᠲᠢᠩᠬᠢᠮ ᠤᠨ ᠲᠠᠯᠠᠪᠡᠢ ᠨᠢ 600 ᠲᠡᠭᠰᠢ ᠲᠦᠷᠪᠡᠯᠵᠢᠨ ᠮᠧᠳ᠋ᠷ᠂ ᠬᠤᠶᠠᠷ ᠲᠠᠪᠬᠤᠷᠭ᠎ᠠ ᠪᠠᠷ ᠪᠦᠷᠢᠯᠳᠦᠵᠦ᠂ ᠪᠦᠬᠦ ᠤᠯᠤᠰ ᠤᠨ ᠠᠩᠬᠠᠳᠠᠭᠴᠢ ᠠᠲᠤᠭᠤᠨ ᠰᠤᠶᠤᠯ ᠤᠨ ᠲᠤᠰᠬᠠᠢ ᠰᠡᠳᠤᠪᠳᠤ ᠮᠦᠽᠸᠢ ᠪᠠᠶᠢᠵᠦ᠂ ᠪᠠᠰᠠ ᠤᠯᠤᠰ ᠤᠨ 2A ᠲᠡᠰ ᠤᠨ ᠵᠢᠭᠤᠯᠴᠢᠯᠠᠯ ᠤᠨ ᠦᠵᠡᠮᠵᠢ ᠶᠢᠨ ᠤᠷᠤᠨ ᠪᠤᠯᠤᠨ᠎ᠠ᠃ ᠦᠵᠡᠬᠦᠯᠬᠡ ᠶᠢᠨ ᠲᠤᠭᠤᠷᠢᠭ ᠢ ᠵᠢᠷᠤᠭ ᠦᠰᠦᠭ ᠪᠢᠴᠢᠭ ᠤᠨ ᠲᠤᠭᠤᠷᠢᠭ ᠪᠠ ᠪᠤᠳᠠᠳᠤ ᠪᠤᠳᠠᠰ ᠬᠡᠭᠴᠢ ᠬᠤᠶᠠᠷ ᠲᠤᠭᠤᠷᠢᠭ ᠬᠤᠪᠢᠶᠠᠵᠦ᠂ ᠨᠢᠬᠡᠳᠦᠭᠡᠷ ᠲᠠᠪᠬᠤᠷᠭ᠎ᠠ ᠶᠢᠨ ᠵᠢᠷᠤᠭ ‍ᠦᠰᠦᠭ ᠪᠢᠴᠢᠭ ᠤᠨ ᠲᠤᠭᠤᠷᠢᠭ ᠲᠤ ᠭᠤᠤᠯᠳᠠᠭᠤ ᠬᠦᠳᠦᠬᠦᠷ ᠬᠠᠨᠠᠨ ᠰᠡᠶᠢᠯᠦᠮᠡᠯ᠂ ᠬᠡᠷᠡᠯᠳᠦᠬᠦᠯᠦᠭᠴᠢ ᠵᠢᠷᠤᠭ ᠲᠦᠷᠰᠦ᠂ ᠦᠰᠦᠭ ᠪᠢᠴᠢᠭ ᠤᠨ ᠲᠠᠶᠢᠯᠪᠤᠷᠢ᠂ ᠵᠢᠷᠤᠭ ᠲᠦᠷᠰᠦ ᠶᠢᠨ ᠮᠠᠲᠧᠷᠢᠶᠠᠯ ᠵᠡᠷᠬᠡ ᠠᠷᠭ᠎ᠠ ᠬᠡᠯᠪᠡᠷᠢ ᠪᠠᠷ ᠠᠳᠤᠭᠤᠨ ᠰᠤᠶᠤᠯ ᠤᠨ ᠲᠤᠳᠤᠭᠠᠳᠤ ᠠᠭᠤᠯᠤᠭᠳᠠᠬᠤᠨ ᠢ ᠪᠦᠬᠦ ᠲᠠᠯ᠎ᠠ ᠪᠠᠷ ᠢᠯᠡᠷᠡᠬᠦᠯᠵᠦ ᠪᠤᠢ᠃ ᠡᠬᠦᠨ ᠳᠤ ᠬᠠᠳᠠᠨ᠎ᠠ ᠬᠠᠨ᠎ᠠ ᠳᠠᠬᠢ ᠬᠦᠳᠦᠬᠦᠷ ᠰᠡᠶᠢᠯᠦᠮᠡᠯ ᠬᠠᠨᠠᠨ ᠵᠢᠷᠤᠭ — 《ᠠᠳᠤᠭᠤᠴᠢᠨ ᠤ ᠲᠦᠷᠪᠡᠨ ᠤᠯᠠᠷᠢᠯ》 ᠨᠢ ᠠᠮᠢᠳᠤᠯᠢᠭ ᠵᠢᠷᠤᠭ ᠲᠦᠷᠰᠦᠯᠡᠯ ᠢᠶᠠᠷ ᠠᠳᠤᠭᠤᠴᠢᠨ ᠬᠦᠮᠦᠨ ᠤ ᠨᠢᠬᠡ ᠵᠢᠯ ᠤᠨ ᠲᠦᠷᠪᠡᠨ ᠤᠯᠠᠷᠢᠯ ᠳᠠᠬᠢ ᠠᠳᠤᠭᠤ ᠲᠠᠢ ᠪᠠᠨ ᠨᠢᠭᠳᠠ ᠬᠤᠯᠪᠤᠭ᠎ᠠ ᠪᠦᠬᠦᠢ ᠠᠮᠢᠳᠤᠷᠠᠯ ᠤᠨ ᠪᠠᠶᠢᠳᠠᠯ ᠢ ᠢᠯᠡᠷᠡᠬᠦᠯᠪᠠ᠃ ᠬᠡᠷᠡᠯᠳᠦᠬᠦᠯᠦᠭᠴᠢ ᠵᠢᠷᠤᠭ ᠲᠦᠷᠰᠦ ᠨᠢ ᠮᠤᠩᠭᠤᠯ ᠮᠤᠷᠢᠨ ᠤ ᠦᠩᠬᠡ ᠵᠢᠰᠦᠮ᠂ ᠮᠤᠷᠢᠨ ᠤ ᠡᠯ᠎ᠠ ᠬᠡᠰᠡᠭ ᠤᠨ ᠨᠡᠷᠡᠶᠢᠳᠦᠯ᠂ ᠮᠤᠷᠢᠨ ᠤ ᠨᠠᠰᠤ ᠰᠢᠳᠦ ᠶᠢ ᠢᠯᠭᠠᠬᠤ᠂ ᠮᠤᠷᠢᠨ ᠤ ᠠᠯᠬᠤᠭ᠎ᠠ ᠬᠢᠰᠬᠢᠬᠡ᠂ ᠮᠤᠷᠢ ᠰᠢᠨᠵᠢᠬᠦ ᠪᠠ ᠲᠠᠮᠠᠭ᠎ᠠ ᠲᠡᠮᠳᠡᠭ ᠵᠡᠷᠬᠡ ᠤᠯᠠᠨ ᠠᠯᠬᠤᠭ᠎ᠠ ᠶᠢ ᠢᠯᠡᠳᠬᠡᠪᠡ᠃ ᠲᠤᠳᠤᠷ᠎ᠠ ᠬᠠᠨᠠᠨ ᠳᠠᠬᠢ ᠰᠡᠶᠢᠯᠦᠮᠡᠯ ᠵᠢᠷᠤᠭ ᠲᠤ ᠴᠢᠩᠬᠢᠰ ᠬᠠᠭᠠᠨ ᠤ ᠬᠤᠶᠠᠷ ᠵᠠᠭᠠᠯ᠂ ᠨᠠᠢᠮᠠᠨ ᠰᠢᠷᠭ᠎ᠠ᠂ ᠲᠦᠮᠡᠨ ᠠᠭᠳᠠ ᠶᠢᠨ ᠲᠦᠪᠡᠷᠬᠡᠨ ᠪᠠ ᠮᠤᠷᠢᠨ ᠬᠤᠭᠤᠷ ᠤᠨ ᠲᠤᠮᠤᠭ ᠵᠡᠷᠬᠡ ᠠᠭᠤᠯᠭ᠎ᠠ ᠶᠢ ᠬᠠᠮᠤᠷᠴᠤ᠂ ᠲᠦᠷᠰᠦᠯᠢᠭ ᠰᠠᠶᠢᠬᠠᠨ ᠵᠢᠷᠤᠭᠯᠠᠯ ᠨᠢ ᠬᠦᠮᠦᠰ ᠲᠤ ᠶᠠᠭᠤ ᠨᠢᠬᠡ ᠶᠢ ᠤᠷᠭᠤᠭᠤᠯᠤᠨ ᠪᠤᠳᠤᠭᠳᠠᠭᠤᠯᠳᠠᠭ ᠪᠢᠯᠡ᠃

《ᠮᠤᠩᠭᠤᠯ ᠦᠨᠳᠦᠰᠦᠳᠡᠨ ᠤ ᠪᠠᠨ ᠲᠡᠯᠬᠡᠷ ᠪᠠᠶᠠᠨ ᠠᠳᠤᠭᠤᠨ ᠰᠤᠶᠤᠯ ᠢ ᠦᠪᠯᠡᠨ ᠵᠠᠯᠭᠠᠮᠵᠢᠯᠠᠵᠦ᠂ ᠦᠷ᠎ᠠ ᠬᠤᠶᠢᠴᠢᠰ ᠲᠠᠭᠠᠨ ᠤᠶᠤᠨ ᠤ ᠬᠦᠷᠳᠡᠬᠡᠯ ᠪᠤᠯᠭᠠᠵᠦ᠂ ᠲᠡᠳᠡᠨᠤᠰ ᠢ ᠬᠠᠨᠠᠭᠠᠷ ᠠᠭᠤᠳᠠᠮ ᠲᠠᠯ᠎ᠠ ᠨᠤᠳᠤᠭ ᠢᠶᠠᠨ ᠨᠡᠩ ᠬᠠᠯᠠᠭᠤᠨ ᠢᠶᠠᠷ ᠬᠠᠶᠢᠷᠠᠯᠠᠬᠤ ᠪᠤᠯᠳᠤᠭᠠᠢ ᠬᠡᠰᠡᠨ ᠵᠤᠷᠢᠯᠳᠠ ᠠᠴᠠ ᠲᠤᠰ ᠮᠦᠽᠸᠢ ᠶᠢ ᠪᠠᠶᠢᠭᠤᠯᠤᠭᠰᠠᠨ ᠶᠤᠮ᠃ ᠮᠦᠽᠸᠢ ᠳᠤ ᠨᠡᠶᠢᠳᠡ 421 ᠦᠵᠡᠬᠦᠯᠬᠡ ᠶᠢᠨ ᠪᠤᠳᠠᠰ ᠢ ᠲᠡᠯᠬᠡᠨ ᠦᠵᠡᠬᠦᠯᠵᠦ ᠪᠤᠢ᠂ ᠦᠵᠡᠬᠦᠯᠬᠡ ᠶᠢᠨ ᠪᠤᠳᠠᠰ ᠤᠨ ᠤᠯᠠᠩᠬᠢ ᠶᠢ ᠨᠢ ᠬᠤᠳᠠᠯᠳᠤᠨ ᠠᠪᠤᠭᠰᠠᠨ᠂ ᠪᠠᠭ᠎ᠠ ᠲᠤᠭᠠᠨ ᠤ ᠪᠤᠳᠠᠰ ᠢ ᠠᠷᠠᠳ ᠠᠴᠠ ᠵᠢᠬᠡᠯᠡᠵᠦ ᠪᠠᠰᠠ ᠪᠤᠰᠤᠳ ᠮᠦᠽᠸᠢ ᠠᠴᠠ ᠵᠢᠬᠡᠯᠡᠵᠦ ᠪᠠᠶᠢᠬᠤ ᠶᠤᠮ᠃ ᠦᠵᠡᠭᠴᠢᠳ ᠤᠨ ᠲᠤᠭ᠎ᠠ ᠠᠴᠠ ᠬᠡᠯᠡᠬᠦ ᠲᠤ ᠮᠦᠽᠸᠢ ᠠᠩᠬ᠎ᠠ ᠪᠠᠶᠢᠭᠤᠯᠤᠭᠳᠠᠭᠰᠠᠨ ᠲᠦᠷᠦᠬᠦᠦ ᠬᠡᠳᠦᠨ ᠵᠢᠯ ᠲᠠᠢ ᠬᠠᠷᠢᠴᠠᠭᠤᠯᠪᠡᠯ ᠤᠢᠢᠷ᠎ᠠ ᠶᠢᠨ ᠬᠤᠶᠠᠷ ᠵᠢᠯ ᠳᠤ ᠴᠦᠬᠡᠨ ᠪᠤᠯᠤᠭᠰᠠᠨ ᠪᠤᠯᠪᠠᠴᠤ ᠰᠤᠮᠤ ᠪᠠᠯᠭᠠᠰᠤᠨ ᠤ ᠲᠤᠮᠳᠠ ᠪᠠᠭ᠎ᠠ ᠰᠤᠷᠭᠠᠭᠤᠯᠢ ᠶᠢᠨ ᠰᠤᠷᠤᠭᠴᠢᠳ᠂ ᠮᠠᠯᠴᠢᠳ᠂ ᠪᠠᠰᠠ ᠭᠠᠳᠠᠨᠠᠬᠢ ᠵᠤᠭᠠᠴᠠᠭᠰᠠᠳ ᠬᠡᠳ ᠵᠢᠯ ᠳᠤ ᠲᠡᠭᠰᠢᠳᠭᠡᠭᠡᠳ 12000 ᠭᠠᠷᠤᠢ ᠦᠵᠡᠭᠴᠢᠳ ᠢ ᠳᠤᠭᠳᠠᠮᠠᠯ ᠬᠦᠯᠢᠶᠡᠨ ᠠᠪᠴᠤ ᠪᠠᠶᠢᠨ᠎ᠠ 》 ᠬᠡᠵᠦ ᠬᠦᠪᠡᠬᠡᠳᠦ ᠰᠢᠷ᠎ᠠ ᠬᠤᠰᠢᠭᠤᠨ ᠤ ᠮᠤᠩᠭᠤᠯ ᠠᠳᠤᠭᠤᠨ ᠰᠤᠶᠤᠯ ᠤᠨ ᠮᠦᠽᠸᠢ ᠶᠢᠨ ᠲᠠᠷᠤᠭ᠎ᠠ ᠡᠷᠳᠡᠨᠢᠳᠠᠯᠠᠢ ᠲᠠᠨᠢᠯᠴᠠᠭᠤᠯᠤᠨ᠎ᠠ᠃ 

ᠬᠦᠪᠡᠬᠡᠳᠦ ᠰᠢᠷ᠎ᠠ ᠬᠤᠰᠢᠭᠤ ᠨᠢ ᠴᠢᠩᠬᠢᠰ ᠬᠠᠭᠠᠨ ᠤ ᠰᠢᠳᠠᠷ ᠮᠢᠩᠭᠠᠳᠤ᠂ ᠪᠠᠳᠦᠮᠦ᠋ᠩᠬᠡ ᠲᠠᠶᠠᠨ ᠬᠠᠭᠠᠨ ᠤ ᠰᠢᠭᠤᠳ ᠬᠠᠷᠢᠶᠠᠳᠤ᠂ ᠪᠠᠭᠠᠳᠤᠷ ᠯᠢᠭᠳᠡᠨ ᠬᠠᠭᠠᠨ ᠤ ᠦᠨᠡᠨᠴᠢ ᠠᠯᠪᠠᠳᠤ ᠪᠤᠯᠬᠤ ᠴᠠᠬᠠᠷ ᠲᠦᠮᠡᠨ ᠤ ᠨᠢᠬᠡ ᠬᠡᠰᠡᠭ ᠪᠠᠶᠢᠵᠦ᠂ ᠠᠰᠪᠤᠷᠢ ᠴᠠᠶᠢᠯᠭᠠᠨ᠂ ᠠᠵᠢᠯᠴᠢ ᠬᠦᠳᠡᠯᠮᠤᠷᠢᠴᠢ᠂ ᠡᠷᠡᠯᠬᠡᠭ ᠵᠢᠪᠬᠤᠭᠠᠳᠤ ᠠᠷᠠᠳ ᠲᠦᠮᠡᠨ ᠤ ᠪᠠᠨ ᠰᠠᠷᠠᠭᠤᠯ ᠴᠡᠯᠮᠡᠭ ᠤᠢ ᠤᠬᠠᠭᠠᠨ ᠢᠶᠠᠷ ᠦᠨᠢ ᠡᠷᠳᠡᠨ ᠠᠴᠠ ᠢᠷᠠᠭᠤ ᠲᠤᠤᠯᠢᠰ ᠢ ᠪᠢᠴᠢᠭᠯᠡᠵᠦ ᠪᠠᠶᠢᠭᠰᠠᠨ ᠤᠷᠤᠨ ᠶᠤᠮ᠃ ᠬᠤᠶᠠᠳᠤᠭᠠᠷ ᠲᠠᠪᠬᠤᠷᠭ᠎ᠠ ᠪᠠᠷ ᠰᠤᠨᠢᠷᠬᠠᠬᠤ ᠳᠤ ᠠᠰᠠᠷ ᠤᠨ ᠱᠠᠳᠤ ᠶᠢᠨ ᠲᠡᠭᠡᠷ᠎ᠠ ᠲᠠᠯ᠎ᠠ ᠳᠠᠬᠢ 《ᠡᠮᠡᠬᠡᠯ》 ᠬᠡᠯᠪᠡᠷᠢ ᠲᠠᠢ ᠱᠤᠭᠤᠮᠠᠯ ᠨᠢ ᠤᠨᠴᠠᠭᠠᠢ ᠰᠠᠨᠠᠭᠳᠠᠪᠠ᠃ ᠲᠠᠬᠢᠨ ᠲᠡᠭᠡᠭᠰᠢ ᠠᠯᠬᠤᠨ ᠭᠠᠷᠤᠭᠰᠠᠨ ᠳᠤ ᠦᠵᠡᠬᠦᠯᠬᠡ ᠶᠢᠨ ᠲᠢᠩᠬᠢᠮ ᠤᠨ ᠭᠤᠤᠯ ᠲᠤᠮᠳᠠ ᠪᠠᠶᠢᠷᠢᠯᠠᠵᠦ ᠪᠠᠶᠢᠭ᠎ᠠ 《ᠠᠯᠳᠠᠨ ᠡᠮᠡᠬᠡᠯ》 ᠬᠦᠮᠦᠰ ᠤᠨ ᠬᠠᠷᠠᠭ᠎ᠠ ᠶᠢ ᠡᠷᠬᠡ ᠦᠬᠡᠢ ᠪᠤᠯᠢᠶᠡᠨ᠎ᠠ᠃ ᠡᠨᠡ ᠬᠦ ᠬᠠᠭᠤᠴᠢ ᠮᠠᠯᠳᠠᠮᠠᠯ ᠤᠨ 《ᠠᠯᠳᠠᠨ ᠡᠮᠡᠬᠡᠯ》 ᠪᠤᠯ ᠲᠤᠰ ᠮᠦᠽᠸᠢ ᠶᠢᠨ ᠬᠠᠮᠤᠭ ᠤᠨ ᠬᠤᠪᠤᠷ ᠨᠠᠨᠳᠢᠨ ᠬᠠᠳᠠᠭᠠᠯᠠᠮᠠᠯ ᠡᠳ᠋ ᠪᠤᠯᠤᠨ᠎ᠠ᠃ 1988 ᠤᠨ ᠳᠤ ᠬᠦᠪᠡᠬᠡᠳᠦ ᠰᠢᠷ᠎ᠠ ᠬᠤᠰᠢᠭᠤᠨ ᠤ ᠪᠤᠭᠳᠠ ᠶᠢᠨ ᠭᠤᠤᠯ ᠰᠤᠮᠤᠨ ᠤ ᠬᠦᠳᠦᠯ ᠤᠰᠤ ᠭᠠᠴᠠᠭᠠᠨ ᠤ ᠤᠯᠠᠭᠠᠨ ᠭᠤᠤ ᠠᠴᠠ ᠤᠷᠢᠳ ᠬᠤᠵᠢᠳ ᠯᠢᠶᠤᠤ ᠤᠯᠤᠰ ᠤᠨ ᠡᠷᠳᠡᠨ ᠤ ᠤᠩᠭᠤᠨ ᠪᠠ ᠶᠤᠸᠠᠨ ᠤᠯᠤᠰ ᠤᠨ ᠡᠷᠳᠡᠨ ᠤ ᠤᠩᠭᠤᠨ ᠢ ᠮᠠᠯᠳᠠᠨ ᠭᠠᠷᠭᠠᠵᠠᠢ᠃ ᠶᠤᠸᠠᠨ ᠤᠯᠤᠰ ᠤᠨ ᠡᠷᠳᠡᠨ ᠤ ᠤᠩᠭᠤᠨ ᠠᠴᠠ ᠲᠤᠰ ᠮᠦᠽᠸᠢ ᠳᠤ ᠲᠡᠯᠬᠡᠨ ᠦᠵᠡᠬᠦᠯᠵᠦ ᠪᠠᠶᠢᠭ᠎ᠠ 《ᠠᠯᠳᠠᠨ ᠡᠮᠡᠬᠡᠯ》 ᠠᠴᠠ ᠭᠠᠳᠠᠨ᠎ᠠ ᠪᠠᠰᠠ ᠠᠯᠳᠠᠨ ᠴᠤᠮᠤ᠂ ᠠᠯᠳᠠᠨ ᠡᠬᠡᠮᠦᠭ ᠵᠡᠷᠬᠡ ᠨᠢᠬᠡᠨ ᠪᠦᠯᠦᠭ ᠬᠤᠪᠤᠷ ᠨᠠᠨᠳᠢᠨ ᠲᠡᠦᠬᠡᠨ ᠲᠤᠷᠠᠰᠬᠠᠯᠳᠤ ᠵᠦᠢᠯ ᠢ ᠮᠠᠯᠳᠠᠨ ᠭᠠᠷᠭᠠᠭᠰᠠᠨ ᠪᠠᠶᠢᠨ᠎ᠠ᠃ ᠲᠤᠰ ᠡᠮᠡᠬᠡᠯ ᠤᠨ ᠤᠨ ᠵᠢᠯ᠄ ᠮᠤᠩᠭᠤᠯ ᠬᠠᠭᠠᠨᠳᠤ ᠤᠯᠤᠰ ︵ᠨᠡᠶᠢᠳᠡ ᠶᠢᠨ ᠤᠨ ᠲᠤᠭᠠᠯᠠᠯ ᠤᠨ 1206 — ᠨᠡᠶᠢᠳᠡ ᠶᠢᠨ ᠤᠨ ᠲᠤᠭᠠᠯᠠᠯ ᠤᠨ 1408 ᠤᠨ︶︔ ᠲᠠᠮᠦᠷᠯᠢᠭ ᠤᠨ ᠬᠦᠨᠳᠦᠴᠡ ᠨᠢ᠄ 130 ᠭᠷᠠᠮ︔ ᠬᠡᠮᠵᠢᠶ᠎ᠠ᠄ ᠤᠷᠳᠤ ᠨᠢ 72.5 ᠰᠡᠨᠲ᠋ᠢᠮᠧᠲᠷ᠂ ᠦᠷᠬᠡᠨ ᠨᠢ 31 ᠰᠡᠨᠲ᠋ᠢᠮᠧᠲᠷ᠂ ᠦᠨᠳᠦᠷ ᠨᠢ 33 ᠰᠡᠨᠲ᠋ᠢᠮᠧᠲᠷ︔ ᠤᠯᠤᠰ ᠤᠨ ᠨᠢᠬᠡᠳᠦᠬᠡᠷ ᠲᠡᠰ ᠤᠨ ᠲᠡᠦᠬᠡ ᠶᠢᠨ ᠲᠤᠷᠠᠰᠬᠠᠯᠳᠤ ᠵᠦᠢᠯ᠃

ᠡᠳᠡᠬᠡᠷ ᠲᠡᠦᠬᠡᠨ ᠲᠤᠷᠠᠰᠬᠠᠯᠳᠤ ᠵᠦᠢᠯ ᠨᠢ ᠦᠪᠤᠷ ᠮᠤᠩᠭᠤᠯ ᠤᠨ ᠲᠠᠯ᠎ᠠ ᠨᠤᠳᠤᠭ ᠲᠤ ᠠᠩᠬ᠎ᠠ ᠢᠯᠡᠷᠡᠭᠰᠡᠨ ᠮᠤᠩᠭᠤᠯ ᠢᠵᠠᠭᠤᠷᠳᠠᠨ ᠤ ᠨᠢᠭᠤᠴᠠ ᠤᠩᠭᠤᠨ ᠤ ᠮᠠᠯᠳᠠᠮᠠᠯ ᠪᠠᠶᠢᠵᠦ᠂ ᠭᠠᠷ ᠤᠷᠠᠯᠠᠯ ᠤᠨ ᠲᠦᠪᠰᠢᠨ ᠪᠠ ᠲᠡᠦᠬᠡᠨ ᠲᠤᠷᠠᠰᠬᠠᠯᠳᠤ ᠵᠦᠢᠯ ᠤᠨ ᠦᠨ᠎ᠠ ᠦᠷᠳᠡᠭ ᠮᠠᠰᠢ ᠦᠨᠳᠦᠷ ᠪᠤᠯᠬᠤ ᠶᠤᠮ᠃ ᠤᠤᠯ ᠪᠤᠳᠠᠰ ᠢ ᠤᠳᠤ ᠦᠪᠤᠷ ᠮᠤᠩᠭᠤᠯ ᠤᠨ ᠮᠦᠽᠸᠢ ᠳᠤ ᠬᠠᠳᠠᠭᠠᠯᠠᠵᠦ ᠪᠤᠢ᠃ ᠤᠩᠭᠤᠨ ᠤ ᠡᠵᠡᠨ ᠨᠢ ᠮᠤᠩᠭᠤᠯ ᠢᠵᠠᠭᠤᠷᠳᠠᠨ ᠤ ᠬᠡᠦᠬᠡᠨ ᠬᠡᠳᠡᠭ᠃ ᠬᠤᠶᠡᠳᠤᠭᠠᠷ ᠳᠠᠪᠬᠤᠷᠭ᠎ᠠ ᠳᠤ 《ᠠᠯᠳᠠᠨ ᠡᠮᠡᠬᠡᠯ》 ᠠᠴᠠ ᠭᠠᠳᠠᠨ᠎ᠠ ᠪᠠᠰᠠ ᠮᠤᠩᠭᠤᠯ ᠬᠦᠮᠦᠨ ᠮᠤᠩᠭᠤᠯ ᠮᠤᠷᠢ ᠬᠤᠶᠠᠷ ᠤᠨ ᠰᠠᠯᠤᠰᠢ ᠦᠬᠡᠢ ᠬᠠᠷᠢᠴᠠᠭ᠎ᠠ ᠶᠢ ᠢᠯᠡᠳᠭᠡᠭᠰᠡᠨ ᠠᠮᠢᠳᠤᠷᠠᠯ ᠦᠢᠯᠡᠳᠪᠤᠷᠢᠯᠡᠯ ᠤᠨ ᠪᠠᠭᠠᠵᠢ ᠬᠡᠷᠡᠭᠰᠡᠯ ᠤᠳ ᠢ ᠲᠡᠯᠬᠡᠨ ᠦᠵᠡᠬᠦᠯᠵᠦ᠂ ᠡᠬᠦᠨ ᠳᠡᠭᠡᠨ ᠮᠤᠷᠢᠨ ᠤ ᠡᠳ᠋ᠯᠡᠯ ᠬᠡᠷᠡᠭᠰᠡᠯ᠂ ᠮᠤᠷᠢᠨ ᠤᠨᠤᠭᠠᠨ ᠤ ᠡᠳ᠋ᠯᠡᠯ ᠬᠡᠷᠡᠭᠰᠡᠯ᠂ ᠮᠤᠷᠢᠨ ᠤ ᠴᠢᠳᠤᠷ ᠲᠤᠱᠠ᠂ ᠡᠮᠨᠢᠭ ᠰᠤᠷᠭᠠᠬᠤ ᠡᠳ᠋ᠯᠡᠯ ᠬᠡᠷᠡᠭᠰᠡᠯ᠂ ᠤᠷᠤᠯᠳᠤᠭᠠᠨ ᠤ ᠮᠤᠷᠢᠨ ᠤ ᠡᠳ᠋ᠯᠡᠯ᠂ ᠤᠨᠤᠯᠭ᠎ᠠ ᠳᠤ ᠬᠡᠷᠡᠭᠯᠡᠬᠦ ᠬᠤᠪᠴᠠᠰᠤ ᠵᠠᠰᠠᠯ᠂ ᠮᠤᠷᠢᠨ ᠲᠤᠭᠯᠠᠭᠠᠮ ᠤᠨ ᠤᠷᠠᠯᠢᠭ᠂ ᠴᠡᠭᠡ ᠰᠠᠭᠠᠯᠢ ᠶᠢᠨ ᠪᠤᠯᠪᠠᠰᠤᠷᠠᠭᠤᠯᠤᠯᠳᠠ᠂ ᠮᠤᠷᠢᠨ ᠤ ᠡᠮᠴᠢᠯᠡᠭᠡ ᠵᠠᠰᠠᠯᠭ᠎ᠠ ᠶᠢᠨ ᠪᠠᠭᠠᠵᠢ ᠬᠡᠷᠡᠭᠰᠡᠯ ᠪᠤᠯᠤᠨ ᠠᠳᠤᠭᠤᠨ ᠰᠤᠶᠤᠯ ᠤᠨ ᠵᠤᠬᠢᠶᠠᠯ ᠪᠦᠳᠦᠬᠡᠯ 《ᠮᠤᠩᠭᠤᠯᠴᠤᠳ ᠪᠠ ᠮᠤᠷᠢ》᠂ 《ᠶᠤᠸᠠᠨ ᠾᠧᠩ ᠮᠤᠷᠢ ᠡᠮᠴᠢᠯᠡᠭᠡ ᠶᠢᠨ ᠲᠡᠬᠦᠪᠦᠷᠢ》᠂ ᠠᠷᠪᠠᠨ ᠭᠤᠷᠪᠠᠳᠤᠭᠠᠷ ᠵᠠᠭᠤᠨ ᠤ ᠦᠶ᠎ᠠ ᠶᠢᠨ ᠪᠡᠬᠡᠵᠢᠩ ᠠᠴᠠ ᠮᠤᠩᠭᠤᠯ ᠤᠯᠤᠰ ᠬᠦᠷᠬᠦ ᠦᠷᠳᠡᠬᠡᠨ ᠤ ᠵᠠᠮ ᠤᠨ ᠵᠠᠭᠪᠤᠷ ᠵᠡᠷᠬᠡ ᠶᠢ ᠲᠡᠯᠬᠡᠨ ᠦᠵᠡᠬᠦᠯᠵᠦ ᠪᠠᠶᠢᠭ᠎ᠠ ᠠᠵᠢ᠃ 

— ᠮᠠᠨ ᠤ ᠮᠦᠽᠸᠢ ᠶᠢᠨ ᠬᠢᠨ ᠰᠤᠶᠤᠯ ᠤᠨ ᠤᠬᠠᠭᠤᠯᠭ᠎ᠠ ᠶᠢᠨ ᠲᠠᠯ᠎ᠠ ᠪᠠᠷ ᠪᠤᠰᠤᠳ ᠪᠠᠶᠢᠭᠤᠯᠭ᠎ᠠ ᠨᠢᠬᠡᠴᠢ᠂ ᠨᠡᠶᠢᠬᠡᠮ ᠲᠤᠭᠤᠷᠢᠭ᠂ ᠭᠠᠴᠠᠭ᠎ᠠ ᠲᠤᠰᠬᠤᠨ ᠲᠠᠢ ᠬᠠᠮᠳᠤᠷᠠᠨ ᠤᠯᠠᠨ ᠠᠵᠢᠯᠯᠠᠭ᠎ᠠ ᠦᠷᠨᠢᠬᠦᠯᠵᠦ ᠪᠠᠶᠢᠳᠠᠭ᠃ ᠵᠢᠱᠢᠶᠡᠯᠡᠪᠡᠯ᠄ ᠵᠢᠯ ᠪᠦᠷᠢ ᠶᠢᠨ 5 ᠰᠠᠷ᠎ᠠ ᠶᠢᠨ 18 ᠤ ᠡᠳᠤᠷ ᠤᠨ 《ᠲᠡᠯᠡᠬᠡᠢ ᠶᠢᠨ ᠮᠦᠽᠸᠢ ᠶᠢᠨ ᠡᠳᠤᠷ》 ᠪᠠ ᠵᠢᠯ ᠪᠦᠷᠢ ᠶᠢᠨ 6 ᠰᠠᠷ᠎ᠠ ᠶᠢᠨ ᠬᠤᠶᠠᠳᠤᠭᠠᠷ ᠭᠠᠷᠠᠭ ᠤᠨ ᠭᠠᠷᠠᠭ ᠤᠨ ᠵᠢᠷᠭᠤᠭᠠᠨ ᠤ 《ᠰᠤᠶᠤᠯ ᠪᠠ ᠪᠠᠶᠢᠭᠠᠯᠢ ᠶᠢᠨ ᠦᠪ ᠤᠨ ᠡᠳᠤᠷ》 ᠢ ᠲᠤᠬᠢᠶᠠᠯᠳᠤᠭᠤᠯᠤᠨ ᠰᠤᠶᠤᠯ ᠤᠨ ᠠᠵᠢᠯᠯᠠᠭ᠎ᠠ ᠦᠷᠨᠢᠬᠦᠯᠳᠡᠭ᠃ ᠦᠨᠦ ᠵᠢᠯ ᠤᠨ 《ᠲᠡᠯᠡᠬᠡᠢ ᠶᠢᠨ ᠮᠦᠽᠸᠢ ᠶᠢᠨ ᠡᠳᠤᠷ 》 ᠤᠨ ᠲᠠᠰᠢᠷᠠᠮ ᠢᠶᠠᠷ᠂ ᠮᠤᠩᠭᠤᠯ ᠦᠨᠳᠦᠰᠦᠳᠡᠨ ᠤ ᠰᠤᠶᠤᠯ ᠤᠨ ᠨᠡᠬᠡᠬᠡᠯᠳᠡᠳᠤ ᠤᠬᠠᠭᠤᠯᠭ᠎ᠠ ᠶᠢᠨ ᠠᠵᠢᠯᠯᠠᠭ᠎ᠠ ᠡᠷᠬᠢᠯᠡᠨ᠂ ᠬᠡᠰᠡᠭ ᠪᠠᠭ᠎ᠠ ᠰᠤᠷᠭᠠᠭᠤᠯᠢ ᠶᠢᠨ ᠰᠤᠷᠤᠭᠴᠢᠳ ᠢ ᠵᠤᠬᠢᠶᠠᠨ ᠪᠠᠶᠢᠭᠤᠯᠵᠦ᠂ ᠮᠤᠩᠭᠤᠯ ᠠᠳᠤᠭᠤᠨ ᠤ ᠰᠤᠶᠤᠯ ᠤᠨ ᠮᠦᠽᠸᠢ ᠶᠢ ᠲᠠᠨᠢᠯᠴᠠᠭᠤᠯᠵᠦ᠂ ᠮᠤᠩᠭᠤᠯ ᠮᠤᠷᠢᠨ ᠤ ᠵᠤᠷᠢᠭ ᠰᠠᠨᠠᠭ᠎ᠠ ᠶᠢ ᠤᠬᠠᠭᠤᠯᠵᠠᠢ᠃ ᠮᠦᠨ ᠬᠦᠪᠡᠬᠡᠳᠦ ᠰᠢᠷ᠎ᠠ ᠬᠤᠰᠢᠭᠤᠨ ᠤ ᠴᠠᠬᠠᠷ ᠠᠳᠤᠭᠤᠨ ᠰᠤᠶᠤᠯ ᠤᠨ ᠨᠡᠶᠢᠬᠡᠮᠯᠢᠭ ᠤᠨ ᠬᠠᠷᠢᠭᠤᠴᠠᠯᠭᠠᠳᠠᠨ ᠲᠤᠭᠠᠷ ᠨᠠᠰᠤᠳᠠᠨ ᠢ ᠤᠷᠢᠵᠦ᠂ ᠮᠤᠩᠭᠤᠯ ᠠᠳᠤᠭᠤᠨ ᠤ ᠲᠠᠯ᠎ᠠ ᠪᠠᠷ ᠲᠠᠶᠢᠯᠦᠮᠵᠢ ᠬᠢᠯᠬᠡᠪᠠ᠃ ᠤᠳᠠᠭ᠎ᠠ ᠪᠤᠯᠭᠠᠨ ᠤ ᠰᠤᠶᠤᠯ ᠤᠨ ᠠᠵᠢᠯᠯᠠᠭ᠎ᠠ ᠶᠢᠨ ᠨᠦᠯᠦᠬᠡ ᠲᠤᠰᠬᠠᠯ ᠶᠡᠭᠡ ᠰᠠᠶᠢᠨ ᠪᠠᠶᠢᠳᠠᠭ᠂ ᠰᠤᠷᠭᠠᠭᠤᠯᠢ ᠶᠢᠨ ᠪᠠᠭᠰᠢ᠂ ᠬᠡᠷ ᠤᠨ ᠠᠬᠠᠮᠠᠳ ᠠᠴᠠ ᠮᠠᠰᠢ ᠲᠡᠮᠵᠢᠳᠡᠭ ᠪᠠᠶᠢᠭᠰᠠᠨ᠂ ᠴᠠᠭ ᠤᠨ ᠤᠷᠤᠰᠬᠠᠯ ᠢ ᠲᠠᠭᠠᠨ ᠬᠦᠳᠡᠭᠡ ᠶᠢᠨ ᠬᠡᠦᠬᠡᠳ ᠬᠡᠰᠡᠨ ᠴᠦ ᠠᠳᠤᠭᠤᠨ ᠰᠤᠶᠤᠯ ᠤᠨ ᠲᠠᠯ᠎ᠠ ᠪᠠᠷ ᠬᠢ ᠤᠢᠢᠯᠠᠭᠠᠮᠵᠢ ᠲᠤᠳᠠᠮᠠᠭ ᠪᠠᠶᠢᠳᠠᠭ ᠠᠴᠠ ᠡᠶᠢᠮᠦᠷᠬᠦᠦ ᠠᠵᠢᠯᠯᠠᠭ᠎ᠠ ᠪᠠᠷ ᠲᠠᠮᠵᠢᠨ ᠰᠤᠷᠤᠭᠴᠢᠳ ᠤᠨ ᠠᠳᠤᠭᠤᠨ ᠰᠤᠶᠤᠯ ᠤᠨ ᠲᠤᠬᠠᠢ ᠮᠡᠳᠡᠯᠬᠡ ᠶᠢ ᠤᠯᠠᠮ ᠲᠡᠬᠡᠭᠰᠢᠯᠡᠬᠦᠯᠬᠦ ᠪᠠᠷ ᠦᠯᠦ ᠪᠠᠷᠠᠨ ᠲᠡᠳᠡᠨᠤᠰ ᠢ ᠮᠤᠩᠭᠤᠯ ᠮᠤᠷᠢᠨ ᠤ ᠵᠤᠷᠢᠭ ᠰᠠᠨᠠᠭ᠎ᠠ ᠪᠠᠷ ᠠᠵᠢᠯ ᠰᠤᠷᠤᠯᠭ᠎ᠠ ᠳᠠᠭᠠᠨ ᠴᠢᠷᠮᠠᠶᠢᠯᠲᠠᠳᠠᠢ ᠪᠠᠶᠢᠬᠤ ᠶᠢ ᠵᠤᠷᠢᠵᠠᠢ ᠬᠡᠵᠦ ᠡᠷᠳᠡᠨᠢᠳᠠᠯᠠᠢ ᠨᠦᠬᠦᠷ ᠤᠮᠤᠭᠳᠠᠶᠢᠬᠠᠨ ᠶᠠᠷᠢᠨ᠎ᠠ᠃ 

ᠮᠤᠩᠭᠤᠯ ᠠᠳᠤᠭᠤᠨ ᠰᠤᠶᠤᠯ ᠤᠨ ᠮᠦᠽᠸᠢ ᠶᠢᠨ ᠲᠤᠳᠤᠷᠠᠬᠢ ᠵᠦᠢ ᠵᠤᠬᠢᠰᠳᠡᠢ᠂ ᠡᠮᠬᠢ ᠲᠢᠭᠯᠢᠮ ᠲᠠᠢ ᠪᠠᠶᠢᠷᠢᠯᠠᠭᠤᠯᠤᠯᠳᠠ ᠨᠢ ᠬᠦᠮᠦᠰ ᠤᠨ ᠨᠢᠳᠦᠨ ᠳᠤ ᠰᠢᠨ᠎ᠠ ᠰᠡᠪᠡᠬᠦᠨ ᠲᠦᠷᠦᠭᠳᠡᠯ ᠦᠭᠴᠦ᠂ ᠲᠡᠦᠬᠡ ᠪᠠ ᠪᠤᠳᠠᠳᠤ ᠠᠬᠤᠢ ᠶᠢᠨ ᠤᠶᠠᠯᠳᠤᠯ ᠢ ᠤᠯᠠᠨ ᠲᠡᠰ ᠲᠠᠪᠬᠤᠷᠭ᠎ᠠ ᠲᠠᠢ᠂ ᠤᠯᠠᠨ ᠲᠠᠯ᠎ᠠ ᠠᠴᠠ ᠲᠡᠯᠬᠡᠨ ᠦᠵᠡᠬᠦᠯᠵᠦ᠂ ᠮᠤᠩᠭᠤᠯ ᠮᠤᠷᠢᠨ ᠤ ᠰᠤᠶᠤᠯ ᠤᠨ ᠦᠷᠬᠡᠨ ᠲᠡᠯᠬᠡᠷ ᠬᠦᠨ ᠬᠦᠨᠵᠡᠬᠡᠢ ᠤᠳᠬ᠎ᠠ ᠠᠭᠤᠯᠭ᠎ᠠ ᠶᠢ ᠢᠯᠡᠷᠡᠬᠦᠯᠦᠭᠰᠡᠨ ᠶᠤᠮ᠃ ᠬᠦᠪᠡᠬᠡᠳᠦ ᠰᠢᠷ᠎ᠠ ᠬᠤᠰᠢᠭᠤᠨ ᠤ ᠮᠤᠩᠭᠤᠯ ᠠᠳᠤᠭᠤᠨ ᠰᠤᠶᠤᠯ ᠤᠨ ᠮᠦᠽᠸᠢ ᠪᠠᠶᠢᠭᠤᠯᠤᠭᠳᠠᠭᠰᠠᠨ ᠶᠠᠪᠤᠳᠠᠯ ᠨᠢ ᠲᠤᠮᠳᠠᠳᠤ ᠤᠯᠤᠰ ᠤᠨ ᠠᠳᠤᠭᠤᠨ ᠰᠤᠶᠤᠯ ᠤᠨ ᠲᠡᠦᠬᠡᠨ ᠳᠠᠬᠢ ᠬᠡᠷᠡᠯᠳᠦ ᠬᠦᠰᠢᠶ᠎ᠠ ᠪᠤᠯᠤᠨ ᠰᠦᠨᠳᠡᠷᠯᠡᠵᠦ᠂ ᠪᠦᠬᠦ ᠠᠶᠢᠮᠠᠭ ᠤᠨ 《ᠲᠤᠮᠳᠠᠳᠤ ᠤᠯᠤᠰ ᠤᠨ ᠠᠳᠤᠭᠤᠨ ᠤ ᠨᠤᠳᠤᠭ》 ᠢ ᠴᠤᠭᠴᠠᠯᠠᠨ ᠪᠠᠶᠢᠭᠤᠯᠬᠤ ᠳᠤ ᠴᠢᠬᠤᠯᠠ ᠦᠢᠯᠡᠳᠦᠯ ᠢᠶᠠᠨ ᠦᠵᠡᠬᠦᠯᠦᠭᠰᠡᠬᠡᠷ᠃ ᠰᠤᠷᠪᠤᠯᠵᠢᠯᠠᠭ᠎ᠠ ᠪᠠᠨ ᠳᠠᠭᠤᠰᠬᠠᠭᠠᠳ ᠪᠢᠳᠡ ᠠᠳᠤᠭᠤ ᠰᠤᠳᠤᠯᠤᠭᠠᠴᠢ ᠮᠠᠩᠯᠠᠢ ᠭᠤᠸᠠᠢ ᠶᠢᠨ ᠬᠡᠷ ᠮᠦᠽᠧᠢ ᠪᠤᠶᠤ 《 ᠲᠠᠬᠢ ᠨᠡᠷᠡᠮᠵᠢᠳᠦ ᠵᠠᠯᠠᠭᠤᠴᠤᠳ ᠪᠠᠭᠠᠴᠤᠳ ᠤᠨ ᠰᠢᠨᠵᠢᠯᠡᠬᠦ ᠤᠬᠠᠭᠠᠨ ᠢ ᠳᠦᠬᠡᠮᠡᠯᠵᠢᠬᠦᠯᠬᠦ ᠬᠡᠪ ᠪᠤᠯᠪᠠᠰᠤᠷᠠᠯ ᠤᠨ ᠰᠤᠷᠭᠠᠨ ᠬᠦᠮᠦᠵᠢᠯ ᠤᠨ ᠰᠠᠭᠤᠷᠢᠨ》 ᠢᠶᠠᠷ ᠴᠤ ᠳᠠᠭᠠᠷᠢᠭᠠᠳ ᠭᠠᠷᠬᠤ ᠪᠠᠷ ᠪᠤᠯᠪᠡ᠃ 

ᠭᠠᠶᠢᠬᠠᠮᠰᠢᠭᠳᠤ ᠮᠤᠩᠭᠤᠯᠴᠤᠳ ᠤᠷᠲᠤ ᠤᠲᠠᠭᠠᠨ ᠲᠡᠦᠭᠡ ᠶᠢᠨ ᠠᠶᠠᠨ ᠢ ᠭᠠᠩᠳᠠᠨ ᠪᠠᠭᠤᠷᠠᠰᠢ ᠦᠬᠡᠢ ᠪᠠᠷ ᠲᠤᠭᠤᠯᠵᠦ ᠦᠨᠦᠲᠦᠷ ᠬᠦᠷᠬᠦ ᠳᠤ ᠮᠤᠩᠭᠤᠯ ᠠᠳᠤᠭᠤ ᠨᠢ ᠦᠦᠬᠡ ᠲᠡᠦᠬᠡ ᠪᠠᠨ ᠪᠤᠰᠬᠠᠬᠤ ᠦᠯᠡᠮᠵᠢ ᠶᠢᠨ ᠨᠢᠬᠡᠨ ᠬᠦᠴᠦ ᠪᠤᠯᠤᠭᠰᠠᠭᠠᠷ ᠢᠷᠡᠭᠰᠡᠨ ᠢ ᠬᠦᠰᠡᠯ ᠤᠨ ᠰᠠᠶᠢᠬᠠᠨ ᠤᠷᠤᠨ᠂ ᠬᠦᠭᠵᠢᠯ ᠤᠨ ᠢᠷᠡᠬᠡᠳᠦᠢ ᠲᠠᠢ ᠬᠦᠪᠡᠬᠡᠳᠦ ᠰᠢᠷ᠎ᠠ ᠨᠤᠳᠤᠭ ᠤᠨ ᠠᠳᠤᠭᠤᠨ ᠰᠤᠶᠤᠯ ᠤᠨ ᠮᠦᠽᠧᠢ ᠢᠯᠡᠳᠳᠡ ᠬᠠᠷᠠᠭᠤᠯᠤᠨ᠎ᠠ᠃ ᠮᠡᠷᠬᠡᠳ ᠭᠠᠷᠬᠤᠢ ᠶᠢᠨ ᠤᠷᠤᠨ ᠬᠡᠳᠡᠭ ᠰᠢᠭ ᠡᠷᠳᠡᠮᠳᠡᠨ ᠮᠡᠷᠬᠡᠳ ᠤᠯᠠᠨ ᠲᠦᠷᠦᠳᠡᠭ ᠡᠨᠡ ᠯᠡ ᠨᠤᠲᠤᠭ ᠤᠰᠤ ᠶᠢᠨ ᠠᠷᠡᠳ ᠳᠦᠮᠡᠨ ᠠᠯᠳᠠᠨ ᠳᠤᠭᠤᠷᠡᠶᠢᠳᠦ ᠠᠵᠢᠨᠠᠢ ᠬᠦᠯᠦᠭ ᠢᠶᠠᠨ ᠡᠬᠦᠨᠴᠢᠯᠡᠨ ᠠᠮᠢᠨᠴᠢᠯᠡᠨ ᠳᠡᠬᠡᠳᠦᠯᠡᠵᠦ᠂ ᠬᠡᠰᠢᠭ ᠬᠡᠶᠢᠮᠦᠷᠢ ᠳᠤᠨᠢ ᠰᠢᠳᠦᠵᠦ ᠶᠠᠪᠤᠭ᠎ᠠ ᠨᠢ ᠦᠨᠡᠬᠡᠷ ᠢᠳᠡᠬᠡᠯ ᠪᠠᠭ᠋ᠠᠷᠬᠠᠯ ᠠᠷᠭ᠎ᠠ ᠦᠬᠡᠢ ᠳᠦᠷᠦᠬᠦᠯᠦᠨ᠎ᠠ ᠪᠢᠯᠡ᠃( ᠴᠡᠩᠬᠡᠷ ᠦᠨᠠᠨᠵᠢᠷᠭᠠᠯ)

ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ