— ᠠᠷᠪᠠᠨ ᠨᠢᠬᠡᠳᠥᠭᠡᠷ ᠬᠤᠭᠤᠴᠠᠭᠠᠨ ᠤ ᠪᠥᠬᠦ ᠤᠯᠤᠰ ᠤᠨ ᠴᠥᠭᠡᠨ ᠲᠤᠭᠠᠳᠤ ᠥᠨᠳᠤᠰᠤᠳᠠᠨ ᠤ ᠤᠯᠠᠮᠵᠢᠯᠠᠯᠳᠤ ᠪᠡᠶ᠎ᠠ ᠶᠢᠨ ᠲᠠᠮᠢᠷ ᠤᠨ ᠴᠤᠬᠯᠠᠭᠠᠨ ᠤ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠤᠷᠤᠯᠳᠤᠭᠠᠨ ᠤ ᠲᠠᠳᠠᠯᠠᠭ᠎ᠠ


ba31e9d9-5d8f-4cbc-82a0-486ce89431ad.jpg

ᠵᠥᠬᠡᠯᠡᠨ ᠬᠤᠷ᠎ᠠ ᠰᠢᠪᠡᠷᠡᠭᠰᠡᠨ ᠵᠤᠨ ᠤ 7 ᠰᠠᠷ᠎ᠠ ᠶᠢᠨ 16 ᠤ ᠥᠳᠡ ᠶᠢᠨ ᠬᠤᠶᠢᠨ᠎ᠠ᠂ ᠠᠷᠪᠠᠨ ᠨᠢᠬᠡᠳᠤᠭᠡᠷ ᠬᠤᠭᠤᠴᠠᠭᠠᠨ ᠤ ᠪᠥᠬᠦ ᠤᠯᠤᠰ ᠤᠨ ᠴᠥᠭᠡᠨ ᠲᠤᠭᠠᠳᠤ ᠥᠨᠳᠤᠰᠤᠳᠠᠨ ᠤ ᠤᠯᠠᠮᠵᠢᠯᠠᠯᠳᠤ ᠪᠡᠶ᠎ᠠ ᠶᠢᠨ ᠲᠠᠮᠢᠷ ᠤᠨ ᠴᠤᠬᠯᠠᠭᠠᠨ ᠤ ᠲᠠᠪᠬᠢᠭ᠎ᠠ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠤᠷᠤᠯᠳᠤᠭᠠᠨ ᠥᠪᠥᠷ ᠮᠤᠩᠭᠤᠯ ᠤᠨ ᠴᠥᠭᠡᠨ ᠲᠤᠭᠠᠳᠤ ᠥᠨᠳᠤᠰᠤᠳᠠᠨ ᠤ ᠤᠯᠠᠨ ᠲᠥᠮᠡᠨᠴᠢ ᠰᠤᠶᠤᠯ ᠪᠡᠶ᠎ᠠ ᠶᠢᠨ ᠲᠠᠮᠢᠷ ᠤᠨ ᠬᠥᠳᠡᠯᠭᠡᠭᠡᠨ ᠤ ᠲᠥᠪ ᠲᠤ ᠢᠳᠡ ᠬᠥᠭ ᠲᠠᠢ ᠶᠠᠪᠤᠬᠳᠠᠵᠥ᠂ ᠬᠤᠷᠠᠨ ᠴᠤᠬᠯᠠᠷᠠᠬᠰᠠᠨ ᠮᠤᠷᠢᠨ ᠬᠤᠷᠤᠬᠠᠢᠢᠳᠠᠳ ᠤᠨ ᠨᠢᠳᠤ ᠶᠢ ᠨᠢ ᠬᠤᠵᠢᠷᠯᠠᠨ ᠬᠠᠷᠠᠭ᠎ᠠ ᠶᠢ ᠪᠠᠶᠠᠰᠬᠠᠵᠥ ᠪᠢᠯᠠ᠃

ᠯᠢ ᠮᠸᠡᠭ ᠪᠤᠯ ᠲᠤᠰ ᠤᠳᠠᠭ᠎ᠠ ᠶᠢᠨ ᠲᠠᠪᠬᠢᠭ᠎ᠠ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠤᠷᠤᠯᠳᠤᠭᠠᠨ ᠤ ᠬᠤᠶᠠᠳᠤᠭᠠᠷ ᠲᠤᠭᠤᠢᠢᠯᠠᠩ ᠤᠨ 28 ᠳ᠋ᠤᠭᠠᠷ ᠨᠤᠮᠧᠷᠳᠤ ᠥᠪᠥᠷ ᠮᠤᠩᠭᠤᠯ ᠤᠨ ᠲᠥᠯᠥᠭᠡᠯᠡᠭᠴᠢ ᠶᠢᠨ ᠠᠩᠭᠢ ᠶᠢᠨ ᠲᠠᠮᠢᠷᠴᠢᠨ ᠪᠤᠯᠤᠨ᠎ᠠ᠃ ᠲᠡᠷᠨ ᠤᠷᠤᠯᠳᠤᠭᠠᠨ ᠤ ᠲᠠᠷᠠᠭᠠᠯᠠᠯ ᠢᠶᠠᠷ ᠥᠳᠠ ᠶᠢᠨ ᠬᠤᠶᠢᠨᠠᠬᠢ 4 ᠴᠠᠬ ᠤᠨ ᠥᠶᠡᠰ ᠢᠶᠠᠷ ᠨᠢᠬᠡᠳᠤᠭᠡᠷ ᠡᠭᠡᠯᠵᠢ ᠶᠢᠨ ᠬᠠᠳᠠᠬ ᠰᠢᠬᠦᠷᠬᠦ ᠤᠷᠤᠯᠳᠤᠭᠠᠨ ᠢᠶᠠᠨ ᠲᠠᠭᠤᠰᠬᠠᠵᠥ᠂ ᠤᠷᠤᠯᠳᠤᠭᠠᠨ ᠳᠠᠭᠠᠨ 17 ᠬᠠᠳᠠᠬ ᠰᠢᠬᠦᠷᠴᠤ᠂ ᠨᠠᠯᠢᠶᠠᠳ ᠥᠨᠳᠤᠷ ᠬᠢᠷᠢ ᠪᠥᠳᠥᠮᠵᠢ ᠤᠯᠤᠭᠰᠠᠨ ᠪᠤᠯᠪᠠᠴᠤ ᠥᠪᠡᠷ ᠤᠨ ᠤᠷ᠎ᠠ ᠴᠢᠳᠠᠪᠤᠷᠢ ᠪᠠᠨ ᠪᠥᠷᠢᠨ ᠪᠠᠳᠠᠷᠠᠭᠤᠯᠵᠤ ᠴᠢᠳᠠᠬᠰᠠᠨ ᠥᠬᠡᠢ ᠬᠠᠷᠠᠮᠰᠠᠭᠰᠠᠨ ᠪᠠᠶᠢᠳᠠᠯ ᠲᠠᠢ᠃ ᠬᠤᠶᠠᠳᠤᠭᠠᠷ ᠡᠭᠡᠯᠵᠢ ᠶᠢᠨ ᠤᠷᠤᠯᠳᠤᠭᠠᠨ ᠳᠠᠭᠠᠨ ᠨᠠᠩ ᠰᠠᠶᠢᠨ ᠬᠢᠷᠢ ᠪᠥᠳᠥᠮᠵᠢ ᠤᠯᠬᠤ ᠪᠠᠷ ᠪᠡᠯᠡᠳᠭᠡᠵᠥ ᠪᠠᠶᠢᠯ᠎ᠠ᠃ ᠲᠡᠷᠡ᠄ 《ᠤᠷᠤᠯᠳᠤᠭᠠᠨ ᠳᠤ 17 ᠬᠠᠳᠠᠬ ᠰᠢᠬᠦᠷᠥᠭᠰᠠᠨ ᠪᠠᠶᠢᠨ᠎ᠠ᠂ ᠡᠨᠡ ᠨᠢ ᠮᠢᠨᠥ ᠪᠤᠳᠤᠵᠥ ᠪᠠᠶᠢᠬᠰᠠᠨ ᠬᠢᠷᠢ ᠪᠥᠳᠥᠮᠵᠢ ᠲᠠᠢ ᠵᠢᠭᠠᠬᠠᠨ ᠵᠥᠷᠢᠶ᠎ᠠ ᠲᠠᠢ ᠪᠠᠶᠢᠨ᠎ᠠ᠃ ᠲᠠᠪᠬᠢᠭ᠎ᠠ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠪᠤᠯ ᠨᠢᠬᠡᠨ ᠤᠷ᠎ᠠ ᠴᠢᠳᠠᠯ ᠢ ᠰᠢᠯᠭᠠᠳᠠᠬ ᠲᠠᠮᠢᠷ ᠤᠨ ᠬᠥᠳᠡᠯᠭᠡᠭᠡᠨ ᠮᠥᠷᠳᠡᠭᠡᠨ ᠬᠥᠴᠢᠷ ᠤᠨ ᠬᠡᠮᠵᠢᠶ᠎ᠠ ᠪᠠᠷ ᠨᠡᠯᠢᠶᠡᠳ ᠶᠡᠭᠡ ᠮᠤᠷᠢᠨ ᠤᠷᠤᠯᠳᠤᠭᠠᠨ ᠪᠤᠯᠬᠤ ᠶᠤᠮ᠃ ᠤᠨᠤᠭᠠᠴᠢᠨ ᠤᠷᠤᠯᠳᠤᠭᠠᠨ ᠤ ᠮᠤᠷᠢᠨ ᠤ ᠲᠠᠪᠬᠢᠭ᠎ᠠ ᠶᠠᠪᠤᠴᠠ ᠳᠤ ᠨᠢᠷᠤᠭᠤ ᠪᠥᠬᠦ᠋ᠢᠨ ᠭᠠᠵᠠᠷ ᠲᠤ ᠲᠡᠯᠪᠢᠬᠰᠠᠨ ᠬᠠᠳᠠᠬ ᠢ ᠰᠢᠬᠦᠷᠳᠡᠭ ᠪᠤᠯᠬᠤᠷ ᠤᠨᠤᠬᠰᠠᠨ ᠮᠤᠷᠢᠨ ᠤ ᠬᠤᠷᠳᠤᠴᠠ ᠪᠠ ᠤᠨᠤᠭᠠᠴᠢ ᠶᠢᠨ ᠤᠷ᠎ᠠ ᠮᠡᠷᠭᠡᠰᠢᠯ ᠢ ᠭᠡᠷᠡᠭᠰᠡᠳᠡᠭ᠃ ᠰᠢᠬᠦᠷᠴᠤ ᠠᠪᠤᠬᠰᠠᠨ ᠬᠠᠳᠠᠬ ᠤᠨ ᠤᠯᠠᠨ ᠴᠥᠭᠡᠨ ᠢᠶᠠᠷ ᠤᠷᠤᠯᠳᠤᠭᠠᠨ ᠤ ᠢᠯᠠᠵᠥ ᠢᠯᠠᠬᠳᠠᠬᠤ ᠶᠢ ᠪᠤᠳᠤᠳᠠᠬ ᠲᠤᠯᠠ ᠤᠷᠤᠯᠳᠤᠭᠠᠨ ᠤ ᠶᠠᠪᠤᠴᠠ ᠳᠤ ᠬᠤᠷᠳᠤᠴᠠ ᠪᠠ ᠬᠥᠳᠡᠯᠥᠯ ᠪᠠᠷᠢᠯ ᠤᠨ ᠤᠷᠭᠠᠨᠢᠬ ᠤᠶᠠᠯᠳᠤᠯ ᠳᠤ ᠲᠥᠰᠢᠭᠯᠡᠳᠡᠭ》 ᠬᠡᠵᠥ ᠲᠠᠶᠢᠯᠪᠤᠷᠢᠯᠠᠪᠠ᠃

ᠠᠬᠤᠢ ᠲᠠᠯᠠᠪᠠᠢ ᠶᠢᠨ ᠲᠠᠶᠢᠰᠠᠨ ᠳᠤ ᠰᠠᠭᠠᠳᠠᠬᠰᠨᠨ ᠥᠵᠡᠭᠴᠢᠳ ᠠᠴᠠ ᠲᠠᠮᠢᠷᠴᠢᠳ ᠤᠨ ᠭᠤᠴᠤ ᠠᠪᠢᠶᠠᠰᠯᠢᠬ ᠰᠤᠳᠤᠨ ᠭᠠᠶᠢᠬᠠᠮᠰᠢᠬᠳᠤ ᠲᠡᠮᠡᠴᠡᠭᠡᠨ ᠢ ᠬᠠᠷᠠᠭᠠᠳ ᠤᠤᠬᠠᠢᠢᠯᠠᠨ ᠬᠠᠰᠬᠢᠷᠤᠨ ᠬᠠᠯᠠᠭᠤᠨ ᠠᠯᠠᠭ᠎ᠠ ᠲᠠᠰᠢᠵᠠᠭᠠᠵᠥ᠂ ᠤᠷᠤᠯᠳᠤᠭᠠᠨ ᠤ ᠶᠠᠪᠤᠴᠠ ᠳᠤ ᠲᠠᠮᠢᠷᠴᠢᠳ ᠠᠴᠠ ᠤᠯᠤᠯᠳᠠ ᠶᠡᠭᠡᠳᠠᠢ ᠪᠠᠶᠢᠬᠰᠠᠨ ᠪᠠ ᠠᠯᠳᠠᠬᠳᠠᠯ ᠶᠡᠬᠡᠳᠠᠢ ᠪᠠᠶᠢᠬᠰᠠᠨ ᠴᠤ ᠥᠵᠡᠭᠴᠢᠳ ᠠᠴᠠ ᠬᠠᠯᠠᠭᠤᠨ ᠠᠯᠠᠭ᠎ᠠ ᠲᠠᠰᠢᠯᠳᠠ ᠬᠥᠷᠭᠡᠵᠥ ᠯᠡ ᠪᠠᠶᠢᠯ᠎ᠠ᠃ 《ᠪᠢ ᠪᠠᠭ᠎ᠠ ᠠᠴᠠ ᠪᠠᠨ ᠮᠤᠷᠢᠨ ᠳᠤ ᠲᠤᠩ ᠬᠠᠶᠢᠷᠠᠳᠠᠢ ᠪᠠᠶᠢᠳᠠᠬ᠃ ᠮᠥᠨ ᠴᠤ ᠮᠤᠷᠢ ᠤᠨᠤᠵᠥ ᠴᠢᠳᠠᠳᠠᠬ᠂ ᠲᠠᠪᠬᠢᠭ᠎ᠠ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠨᠢ ᠬᠥᠮᠥᠨ ᠮᠤᠷᠢᠨ ᠤ ᠬᠠᠮᠳᠤᠷᠠᠯ ᠤᠨ ᠤᠷ᠎ᠠ ᠮᠠᠷᠭᠡᠰᠢᠯ ᠪᠤᠯᠬᠤ ᠶᠤᠮ᠃ ᠡᠨᠡ ᠡᠳᠤᠷ ᠤᠨ ᠤᠷᠤᠯᠳᠤᠭᠠᠨ ᠥᠨᠡᠭᠡᠷ ᠭᠤᠶᠤ ᠪᠠᠶᠢᠨ᠎ᠠ᠃ ᠲᠤᠰᠬᠠᠢᠢᠯᠠᠨ ᠮᠤᠷᠢᠨ ᠤᠷᠤᠯᠳᠤᠭᠠᠨ ᠥᠵᠡᠬᠦ ᠪᠠᠷ ᠢᠷᠡᠭᠰᠡᠨ ᠬᠥᠰᠡᠯ ᠮᠢᠨᠢ ᠲᠠᠯᠠᠭᠠᠷᠳᠠᠬᠠᠰᠠᠨ ᠥᠬᠡᠢ》 ᠬᠡᠵᠥ ᠲᠥᠡᠭᠯᠢᠶᠤᠤ ᠬᠤᠳᠠ ᠶᠢᠨ ᠬᠤᠷᠴᠢᠨ ᠵᠠᠬᠦᠨ ᠭᠠᠷᠤᠨ ᠬᠤᠶᠢᠳᠤ ᠬᠤᠰᠢᠭᠤ ᠶᠢᠨ ᠵᠢᠷᠭᠠᠯᠠᠩ ᠪᠠᠯᠭᠠᠰᠤ ᠶᠢᠨ ᠪᠤᠤ ᠰᠢᠳᠤᠷᠭᠤ ᠪᠠᠶᠠᠷᠯᠠᠨ ᠶᠠᠷᠢᠨ᠎ᠠ᠃ ᠲᠡᠷᠡ ᠤᠷᠤᠯᠳᠤᠭᠠᠨ ᠡᠬᠢᠯᠡᠭᠰᠡᠨ ᠠᠴᠠ ᠨᠠᠭᠠᠰᠢ ᠡᠳᠤᠷ ᠪᠤᠯᠭᠠᠨ ᠤᠷᠤᠯᠳᠤᠭᠠᠨ ᠤ ᠲᠠᠯᠠᠪᠠᠢ ᠳᠤ ᠢᠷᠡᠵᠥ ᠤᠷᠤᠯᠳᠤᠭᠠᠨ ᠢ ᠰᠤᠨᠢᠷᠬᠠᠵᠥ ᠪᠤᠢ᠃

ᠥᠢᠯᠠᠭᠠᠬᠰᠠᠨ ᠢᠶᠠᠷ᠂ ᠲᠠᠪᠬᠢᠭ᠎ᠠ ᠮᠤᠷᠢᠨ ᠲᠡᠭᠡᠷ᠎ᠠ ᠠᠴᠠ ᠬᠠᠳᠠᠬ ᠰᠢᠬᠦᠷᠬᠦ ᠤᠷᠤᠯᠳᠤᠭᠠᠨ ᠨᠢ ᠬᠤᠶᠠᠷ ᠡᠭᠡᠯᠵᠢ ᠶᠢᠨ ᠬᠢᠷᠢ ᠪᠥᠳᠥᠮᠵᠢ ᠪᠠᠷ ᠤᠷᠤᠯᠳᠤᠭᠠᠨ ᠤ ᠶᠡᠷᠥᠩᠭᠡᠢ ᠥᠷ᠎ᠠ ᠳ᠋ᠥᠡᠭ ᠢ ᠰᠢᠯᠭᠠᠷᠠᠭᠤᠯᠤᠨ ᠭᠠᠷᠭᠠᠳᠠᠬ᠃ ᠤᠷᠤᠯᠳᠤᠭᠠᠨ ᠤ ᠭᠤᠤᠯ ᠬᠥᠶᠤᠯᠳᠠ ᠶᠢᠨ ᠵᠠᠮ ᠤᠨ ᠤᠷᠳᠤ ᠨᠢ ᠨᠡᠶᠢᠳᠠ 110 ᠮᠧᠲᠷ ᠪᠠᠶᠢᠵᠥ᠂ ᠮᠤᠷᠢᠨ ᠤ ᠬᠥᠶᠥᠯᠳᠠ ᠶᠢᠨ ᠵᠠᠮ ᠤᠨ ᠵᠡᠬᠦᠨ ᠪᠠᠷᠠᠭᠤᠨ ᠬᠤᠶᠠᠷ ᠲᠠᠯ᠎ᠠ ᠳᠤ ᠬᠠᠳᠠᠬ ᠲᠠᠯᠪᠢᠬᠤ ᠲᠤᠭᠤᠷᠢᠬ ᠲᠤᠬᠢᠷᠠᠭᠤᠯᠵᠥ᠂ ᠲᠤᠭᠤᠷᠢᠬ ᠪᠤᠯᠭᠠᠨ ᠳᠤ 10 ᠬᠠᠳᠠᠬ ᠢ ᠲᠡᠭᠰᠢᠭᠡᠨ ᠵᠠᠢ ᠳᠤ ᠬᠥᠶᠥᠯᠳᠠ ᠶᠢᠨ ᠵᠠᠮ ᠢ ᠬᠠᠪᠢᠳᠠᠭᠤᠯᠤᠨ ᠵᠡᠷᠭᠡᠴᠡᠬᠦᠯᠥᠨ ᠲᠠᠯᠪᠢᠵᠥ᠂ ᠬᠤᠷᠳᠤᠨ ᠬᠥᠯᠥᠭ ᠤᠨᠤᠬᠰᠠᠨ ᠲᠠᠮᠢᠷᠴᠢᠨ ᠠᠴᠠ ᠨᠢᠬᠡ ᠬᠠᠳᠠᠬ ᠰᠢᠬᠦᠷᠥᠭᠰᠡᠨ ᠪᠤᠯ ᠨᠢᠭᠡ ᠬᠤᠪᠢ ᠪᠠᠷ ᠨᠡᠮᠡᠨ ᠪᠤᠳᠤᠵᠥ ᠤᠷᠤᠯᠳᠤᠭᠠᠨ ᠤ ᠬᠢᠷᠢ ᠪᠥᠳᠥᠮᠵᠢ ᠳᠤ ᠪᠤᠳᠤᠵᠥ ᠤᠷᠤᠭᠤᠯᠳᠠᠬ᠃ ᠭᠡᠷᠡᠭᠯᠡᠬᠦ ᠴᠠᠬ ᠪᠠ ᠤᠯᠤᠬᠰᠠᠨ ᠬᠤᠪᠢ ᠶᠢ ᠬᠤᠭᠤᠷᠤᠨᠳᠤ ᠨᠢ ᠬᠠᠷᠢᠯᠴᠠᠨ ᠨᠡᠮᠡᠬᠦ ᠠᠷᠭ᠎ᠠ ᠪᠠᠷ ᠬᠤᠶᠠᠷ ᠡᠭᠡᠯᠵᠢ ᠳᠤ ᠤᠯᠤᠬᠰᠠᠨ ᠶᠡᠷᠥᠩᠭᠡᠢ ᠬᠤᠪᠢ ᠪᠠᠷ ᠲᠥᠷᠥᠬᠦᠨ ᠲᠡᠳ᠋ ᠢ ᠢᠯᠭᠠᠷᠠᠭᠤᠯᠵᠥ ᠭᠠᠷᠭᠠᠳᠠᠬ᠃

aaa0642d-3ee5-4f54-a68e-8174e14a9fe0.jpg

ᠯᠢ ᠱᠤᠸᠠᠢ ᠪᠤᠯ ᠲᠤᠰ ᠤᠳᠠᠭ᠎ᠠ ᠶᠢᠨ ᠤᠷᠤᠯᠳᠤᠭᠠᠨ ᠤ ᠲᠤᠰᠠᠯᠠᠬᠴᠢ ᠬᠢᠨᠠᠬᠴᠢ ᠪᠤᠯᠬᠤ ᠶᠤᠮ᠃ ᠲᠡᠷᠡ᠄ 《ᠤᠷᠤᠯᠳᠤᠭᠠᠨ ᠲᠤᠩ ᠢᠳᠡ ᠬᠥᠭ ᠲᠠᠢ ᠶᠠᠪᠤᠬᠳᠠᠵᠠᠢ᠂ ᠥᠵᠡᠭᠴᠢᠳ ᠤᠨ ᠰᠡᠳᠬᠢᠯᠬᠡ ᠴᠤ ᠲᠤᠩ ᠤᠷᠬᠢᠯᠥᠮ᠎ᠠ᠃ ᠲᠡᠮᠢᠷᠴᠢᠳ ᠤᠨ ᠡᠯ᠎ᠠ ᠲᠠᠯ᠎ᠠ ᠶᠢᠨ ᠢᠯᠡᠷᠡᠯ ᠨᠡᠯᠢᠶᠡᠳ   ᠰᠠᠶᠢᠨ᠃ ᠭᠡᠪᠡᠴᠤ ᠲᠠᠮᠢᠷᠴᠢᠨ ᠪᠠ ᠮᠤᠷᠢᠨ ᠤ ᠬᠤᠭᠤᠷᠤᠨᠳᠤᠬᠢ ᠬᠠᠮᠵᠢᠯᠴᠠᠭ᠎ᠠ ᠪᠤᠯᠪᠠᠰᠤᠷᠠᠩᠭᠤᠢ ᠲᠤᠳᠠᠮᠠᠬ ᠲᠠᠯ᠎ᠠ ᠤᠯᠠᠨ ᠢᠯᠡᠷᠡᠵᠥ ᠪᠤᠢ᠃ ᠤᠨᠤᠭᠠᠴᠢᠨ ᠪᠤᠯᠤᠨ ᠮᠤᠷᠢᠨ ᠤ ᠬᠤᠭᠤᠷᠤᠨᠳᠤᠬᠢ ᠪᠤᠯᠪᠠᠰᠤᠷᠠᠩᠭᠤᠢ ᠶᠢᠨ ᠬᠡᠮᠵᠢᠶ᠎ᠠ ᠶᠢ ᠴᠢᠨᠠᠬᠰᠢᠳᠠ ᠲᠡᠰ ᠲᠡᠪᠰᠢᠬᠦᠯᠬᠦ ᠴᠢᠬᠤᠯᠠ ᠲᠠᠢ᠃ ᠤᠷᠤᠯᠳᠤᠭᠠᠨ ᠤ ᠶᠠᠪᠤᠴᠠ ᠳᠤ ᠠᠯᠳᠠᠬᠳᠠᠯ ᠴᠥᠭᠡᠨ ᠪᠤᠰᠤ ᠭᠠᠷᠴᠤ ᠪᠤᠢ᠃ ᠶᠡᠷᠥᠩᠭᠡᠢ ᠳᠡᠭᠡᠨ ᠲᠠᠮᠢᠷᠴᠢᠳ ᠤᠨ ᠬᠤᠭᠤᠷᠤᠨᠳᠤᠬᠢ ᠥᠷᠢᠰᠥᠯᠳᠥᠭᠡᠨ ᠬᠤᠷᠴᠠ ᠰᠢᠷᠥᠬᠦᠨ ᠪᠠᠶᠢᠵᠥ᠂ ᠬᠤᠶᠢᠰᠢᠳᠠ ᠶᠢᠨ ᠤᠷᠤᠯᠳᠤᠭᠠᠨ ᠳᠤ ᠲᠠᠮᠢᠷᠴᠢᠳ ᠯᠠᠪᠳᠠᠭᠤᠨ ᠲᠤᠬᠳᠠᠭᠤᠨ᠂ ᠤᠨᠤᠪᠴᠢᠳᠠᠢ ᠮᠥᠷᠳᠡᠭᠡᠨ ᠲᠥᠷᠭᠡᠨ ᠪᠠᠶᠢᠬᠤ ᠶᠢ ᠬᠥᠰᠡᠮᠵᠢᠯᠡᠵᠥ ᠪᠤᠢ》 ᠬᠡᠵᠥ ᠬᠡᠯᠡᠵᠥ ᠪᠢᠯᠠ᠃ 

ᠲᠤᠰ ᠤᠳᠠᠭ᠎ᠠ ᠶᠢᠨ ᠤᠷᠤᠯᠳᠤᠭᠠᠨ ᠳᠤ ᠨᠡᠶᠢᠳᠠ 64 ᠲᠠᠮᠢᠷᠴᠢᠨ ᠪᠠ ᠤᠷᠤᠯᠳᠤᠭᠠᠨ ᠤ ᠮᠤᠷᠢᠳ ᠨᠡᠷ᠎ᠠ ᠮᠡᠳᠡᠬᠦᠯᠵᠥ ᠤᠷᠤᠯᠳᠤᠭᠠᠨ ᠳᠤ ᠬᠤᠷᠴᠠ ᠰᠢᠷᠥᠬᠦᠨ ᠲᠡᠮᠡᠴᠡᠯᠳᠥᠭᠰᠡᠨ ᠪᠠᠶᠢᠨ᠎ᠠ᠃ ᠤᠷᠤᠯᠳᠤᠭᠠᠨ ᠤ ᠳ᠋ᠥᠡᠭ ᠳᠤ ᠥᠪᠥᠷ ᠮᠤᠩᠭᠤᠯ ᠤᠨ ᠲᠠᠮᠢᠷᠴᠢᠨ ᠯᠢ ᠮᠸᠡᠭ ᠪᠠ ᠲᠡᠬᠦᠨ ᠤ ᠤᠨᠤᠬᠰᠠᠨ ᠤᠳᠤᠨ ᠮᠡᠴᠢᠳ ᠨᠠᠷᠠᠳᠤ ᠮᠤᠷᠢ ᠬᠤᠶᠠᠷ ᠡᠭᠡᠯᠵᠢ ᠶᠢᠨ ᠤᠷᠤᠯᠳᠤᠭᠠᠨ ᠤ ᠶᠠᠪᠤᠴᠠ ᠳᠤ ᠨᠡᠶᠢᠳᠠ 36 ᠬᠤᠪᠢ ᠪᠠᠷ ᠲᠥᠷᠥᠬᠦᠯᠡᠪᠠ᠃ ᠯᠢ ᠮᠸᠡᠭ᠄ 《ᠲᠤᠰ ᠤᠳᠠᠭ᠎ᠠ ᠶᠢᠨ ᠤᠷᠤᠯᠳᠤᠭᠠᠨ ᠳᠤ ᠲᠥᠷᠥᠬᠦᠯᠡᠭᠰᠡᠨ ᠳᠡᠭᠡᠨ ᠲᠤᠩ ᠪᠡᠶᠡᠷᠯᠡᠵᠥ ᠪᠠᠶᠢᠨ᠎ᠠ᠃ ᠬᠤᠶᠠᠳᠠᠬᠢ ᠡᠬᠡᠯᠵᠢ ᠡᠬᠢᠯᠡᠬᠦ ᠠᠴᠠ ᠡᠮᠥᠨ᠎ᠠ ᠤᠨᠤᠬᠰᠠᠨ ᠮᠤᠷᠢ ᠪᠠᠨ ᠰᠠᠶᠢᠳᠤᠷ ᠲᠡᠶᠢᠳᠬᠤᠷᠠᠭᠤᠯᠤᠬᠰᠠᠨ ᠶᠤᠮ᠃ ᠤᠷᠤᠯᠳᠤᠭᠠᠨ ᠤ ᠶᠠᠪᠤᠴᠠ ᠳᠤ ᠤᠨᠤᠬᠰᠠᠨ ᠬᠥᠯᠥᠭ ᠮᠢᠨᠢ ᠳᠠᠪᠠᠭᠤᠯᠢᠬ ᠢᠶᠠᠨ ᠪᠠᠳᠠᠷᠠᠭᠤᠯᠥᠬᠰᠠᠨ ᠢᠶᠠᠷ ᠲᠦᠢᠯ ᠤᠨ ᠰᠠᠶᠢᠨ ᠪᠠᠶᠢᠵᠥ᠂ 19 ᠬᠤᠪᠢ ᠤᠯᠤᠬᠰᠠᠨ ᠪᠠᠶᠢᠨ᠎ᠠ》 ᠭᠡᠵᠦ ᠲᠤᠬᠳᠤᠯᠤᠬᠰᠠᠨ ᠰᠡᠳᠬᠢᠯᠬᠡ ᠪᠠᠨ ᠲᠠᠷᠤᠵᠥ ᠶᠠᠳᠠᠨ ᠬᠡᠯᠡᠵᠦ ᠪᠠᠶᠢᠯ᠎ᠠ᠃ 

ᠥᠢᠯᠠᠭᠠᠬᠰᠠᠨ ᠢᠶᠠᠷ᠂ ᠲᠤᠰ ᠤᠳᠠᠭ᠎ᠠ ᠶᠢᠨ ᠪᠥᠬᠦ ᠤᠯᠤᠰ ᠤᠨ ᠴᠥᠬᠡᠨ ᠲᠤᠭᠠᠳᠤ ᠥᠨᠳᠤᠰᠤᠳᠠᠨ ᠤ ᠤᠯᠠᠮᠵᠢᠯᠠᠯᠳᠤ ᠪᠡᠶ᠎ᠠ ᠶᠢᠨ ᠲᠠᠮᠢᠷ ᠤᠨ ᠴᠤᠬᠯᠠᠭᠠᠨ ᠤ ᠮᠤᠷᠢᠨ ᠮᠡᠷᠭᠡᠵᠢᠯ ᠤᠨ ᠤᠷᠤᠯᠳᠤᠭᠠᠨ ᠳᠤ ᠮᠠᠨ ᠤ ᠤᠷᠤᠨ ᠤ ᠲᠠᠮᠢᠷᠴᠢᠳ ᠨᠡᠶᠢᠳᠠ 3 ᠤᠳᠠᠭ᠎ᠠ ᠲᠥᠷᠥᠬᠦᠯᠡᠭᠰᠠᠨ ᠪᠠᠶᠢᠨ᠎ᠠ᠃( ᠦᠷᠭᠡᠨ)

37303995-f906-43bc-abaf-24534174b55b.jpg

ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ