7f4491d8-6529-4eb6-9eef-776f4eb57684.jpg

ᠤᠢᠢᠷ᠎ᠠ ᠳᠤ᠂ 2019 ᠤᠨ ᠤ ᠳᠤᠮᠳᠠᠳᠤ ᠤᠯᠤᠰ ᠤᠨ ᠶᠡᠭᠡ ᠰᠤᠷᠭᠠᠭᠤᠯᠢ ᠶᠢᠨ ᠤᠶᠤᠳᠠᠳ ᠤᠨ ᠳᠤᠮᠳᠠᠳᠤ ᠮᠠᠶ᠋ᠢᠭ ᠤᠨ ᠪᠦᠬᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠯᠢᠶᠥᠥᠨᠢᠩ ᠮᠤᠵᠢ ᠶᠢᠨ ᠯᠢᠶᠥᠥᠶᠠᠩ ᠬᠤᠲᠠ ᠳᠤ ᠶᠠᠪᠤᠭᠳᠠᠪᠠ᠃

ᠲᠤᠰ ᠤᠳᠠᠭᠠᠨ ᠤ ᠤᠷᠤᠯᠳᠤᠭᠠᠨ ᠳᠤ 20 ᠭᠠᠷᠤᠢ ᠶᠡᠭᠡ ᠳᠡᠭᠡᠳᠦ ᠰᠤᠷᠭᠠᠭᠤᠯᠢ ᠶᠢᠨ 300 ᠢᠯᠡᠭᠦᠦ ᠲᠠᠮᠢᠷᠴᠢᠨ ᠤᠷᠤᠯᠴᠠᠭᠰᠠᠨ ᠪᠠᠶᠢᠨ᠎ᠠ᠃ ᠬᠦᠬᠡᠬᠤᠲᠡ ᠦᠨᠳᠦᠰᠦᠲᠡᠨ ᠤ ᠳᠡᠭᠡᠳᠦ ᠰᠤᠷᠭᠠᠭᠤᠯᠢ ᠶᠢᠨ ᠪᠦᠬᠡ ᠶᠢᠨ ᠠᠩᠭᠢ ᠨᠢ ᠪᠠᠭ ᠤᠨ ᠲᠡᠮᠡᠴᠡᠭᠡᠨ ᠪᠤᠯᠤᠨ ᠬᠤᠪᠢ ᠬᠦᠮᠦᠨ ᠤ ᠡᠷᠡᠭᠲᠡᠢ᠂ ᠡᠮᠡᠭᠲᠡᠢ ᠶᠢᠨ ᠬᠦᠬᠡ ᠲᠤᠭᠤᠢᠢᠯᠠᠩ (ᠰᠤᠷᠤᠭᠴᠢ ᠶᠢᠨ ᠳᠤᠭᠤᠢᠢᠯᠠᠩ) ᠬᠡᠬᠦ 10 ᠳᠡᠰ ᠤᠨ ᠤᠷᠤᠯᠳᠤᠭᠠᠨ ᠪᠤᠯᠤᠨ ᠬᠦᠬᠡᠭᠴᠢᠨ ᠳᠤᠭᠤᠢᠢᠯᠠᠩ (ᠦᠨᠳᠦᠷ ᠳᠡᠰ ᠤᠨ ᠲᠤᠭᠤᠢᠢᠯᠠᠩ) ᠤᠨ ᠡᠷᠡᠭᠲᠡᠢ᠂ ᠡᠮᠡᠭᠲᠡᠢ ᠶᠢᠨ 9 ᠳᠡᠰ ᠤᠨ ᠤᠷᠤᠯᠳᠤᠭᠠᠨ ᠳᠤ ᠤᠷᠤᠯᠴᠠᠪᠠ᠃

ᠬᠤᠷᠴᠠ ᠰᠢᠷᠦᠭᠦᠨ ᠦᠷᠢᠰᠦᠯᠳᠦᠭᠡᠨ ᠢᠶᠠᠷ ᠬᠦᠬᠡᠬᠤᠲᠡ ᠦᠨᠳᠦᠰᠦᠲᠡᠨ ᠤ ᠳᠡᠭᠡᠳᠦ ᠰᠤᠷᠭᠠᠭᠤᠯᠢ ᠶᠢᠨ ᠲᠠᠮᠢᠷᠴᠢᠳ ᠡᠷᠡᠭᠲᠡᠢ ᠶᠢᠨ ᠬᠦᠬᠡᠭᠴᠢᠨ ᠳᠤᠭᠤᠢᠢᠯᠠᠩ (ᠦᠨᠳᠦᠷ ᠳᠡᠰ ᠤᠨ ᠲᠤᠭᠤᠢᠢᠯᠠᠩ) ᠤᠨ ᠤᠷᠤᠯᠳᠤᠭᠠᠨ ᠤ ᠪᠠᠭ ᠤᠨ ᠲᠡᠮᠡᠴᠡᠭᠡᠨ ᠳᠤ ᠮᠠᠩᠯᠠᠶᠢᠯᠠᠵᠤ︔ ᠡᠷᠡᠭᠲᠡᠢ ᠶᠢᠨ ᠬᠦᠬᠡ ᠲᠤᠭᠤᠢᠢᠯᠠᠩ (ᠰᠤᠷᠤᠭᠴᠢ ᠶᠢᠨ ᠳᠤᠭᠤᠢᠢᠯᠠᠩ) ᠤᠨ ᠤᠷᠤᠯᠳᠤᠭᠠᠨ ᠳᠤ ᠭᠤᠷᠪᠠᠳᠤᠭᠠᠷ ᠲᠡᠰ ᠲᠤ ᠤᠷᠤᠪᠠ᠃

ᠬᠤᠪᠢ ᠬᠦᠮᠦᠨ ᠤ ᠤᠷᠤᠯᠳᠤᠭᠠᠨ ᠳᠤ᠂ ᠬᠦᠬᠡᠬᠤᠲᠡ ᠦᠨᠳᠦᠰᠦᠲᠡᠨ ᠤ ᠳᠡᠭᠡᠳᠦ ᠰᠤᠷᠭᠠᠭᠤᠯᠢ ᠨᠢ 8 ᠠᠯᠲᠠᠨ ᠮᠧᠳᠡᠯ᠂ 6 ᠮᠦᠩᠭᠦᠨ ᠮᠧᠳᠡᠯ᠂ 7 ᠬᠦᠷᠡᠯ ᠮᠧᠳᠡᠯ ᠤᠯᠵᠤ᠂ ᠲᠠᠮᠢᠷ ᠤᠨ ᠳᠡᠭᠡᠳᠦ ᠰᠤᠷᠭᠠᠭᠤᠯᠢ ᠶᠢᠨ ᠰᠤᠷᠭᠠᠭᠴᠢ ᠪᠠᠭᠰᠢ ᠬᠦᠰᠡᠯ 《ᠰᠢᠯᠢᠳᠡᠭ ᠰᠤᠷᠭᠠᠭᠴᠢ》︔ ᠲᠠᠮᠢᠷᠴᠢᠨ ᠰᠦᠮᠪᠦᠷ ᠪᠤᠯᠤᠨ ᠦᠢᠯᠡᠰ 《ᠰᠢᠯᠢᠳᠡᠭ ᠲᠠᠮᠢᠷᠴᠢᠨ》︔ ᠪᠦᠬᠡ ᠶᠢᠨ ᠠᠩᠭᠢ ᠨᠢ 《ᠲᠠᠮᠢᠷ ᠤᠨ ᠶᠤᠰᠤ ᠰᠤᠷᠲᠠᠬᠤᠨ ᠬᠡᠪ ᠵᠠᠩᠰᠢᠯᠳᠤ ᠳᠤᠭᠤᠢᠢᠯᠠᠩ》 ᠤᠨ ᠴᠤᠯᠠ ᠬᠦᠷᠳᠡᠪᠡ᠃

ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ