4f5b2b0d-60f3-40f4-8fe6-f34f8b5dd724.jpg

《ᠥᠷᠭᠡᠨ ᠠᠭᠤᠳᠠᠮ ᠲᠠᠯ᠎ᠠ ᠨᠤᠲᠤᠭ᠂ ᠰᠢᠯᠢ ᠵᠢᠨ ᠭᠣᠣᠯ ᠤᠨ ᠤᠶᠠᠩᠭᠠᠯᠠᠯ》 ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ 70 ᠵᠢᠯ ‍ᠥᠨ ᠣᠢ ᠵᠢ ᠪᠡᠯᠭᠡᠯᠡᠬᠦ ᠰᠢᠯᠢ ᠵᠢᠨ ᠭᠣᠣᠯ ᠠᠶᠢᠮᠠᠭ ᠤᠨ ᠨᠠᠶᠢᠷ ᠨᠠᠭᠠᠳᠤᠮ ᠤᠨ ᠭᠠᠯ ᠪᠠᠮᠪᠠᠷ ᠳᠠᠮᠵᠢᠭᠤᠯᠬᠤ ᠠᠵᠢᠯᠯᠠᠭ᠎ᠠ᠂ 《ᠵᠢᠷᠭᠠᠯᠠᠩᠲᠤ ᠲᠠᠯ᠎ᠠ ᠨᠤᠲᠤᠭ᠂ ᠰᠢᠯᠢ ᠵᠢᠨ ᠭᠣᠣᠯ》 ᠮᠣᠩᠭᠣᠯ ᠪᠥᠬᠡ ᠵᠢᠨ ᠴᠥᠷᠬᠡᠯᠡᠭᠡ ᠪᠠᠷᠢᠯᠳᠤᠭᠠᠨ ᠵᠢᠴᠢ ᠰᠥᠨᠢᠳ ᠵᠡᠭᠦᠨ ᠬᠣᠰᠢᠭᠤᠨ ᠤ ᠠᠷᠪᠠᠨ ᠳᠥᠷᠪᠡᠳᠦᠭᠡᠷ ᠬᠤᠭᠤᠴᠠᠭᠠᠨ ᠤ 《ᠭᠢᠯᠣᠭᠡᠨ》ᠰᠥᠨᠢᠳ ᠰᠣᠶᠣᠯ ᠤᠷᠠᠯᠢᠭ ᠤᠨ ᠴᠢᠭᠤᠯᠭᠠᠨ᠂ ᠥᠨᠳᠥᠷ ᠨᠠᠰᠤᠲᠠᠳ ᠤᠨ ᠢᠶᠠᠨ ᠨᠠᠰᠤᠨ ᠪᠠᠶᠠᠷ ‍ᠢ ᠪᠡᠯᠭᠡᠯᠡᠬᠦ ᠨᠠᠶᠢᠷ ᠨᠠᠭᠠᠳᠤᠮ 2019 ᠣᠨ ᠤ 7 ᠳ᠋ᠤᠭᠠᠷ ᠰᠠᠷ᠎ᠠ ᠵᠢᠨ 15 ᠡᠴᠠ ᠡᠯ᠎ᠡ ᠵᠦᠢᠯ ‍ᠥᠨ ᠠᠵᠢᠯᠯᠠᠭ᠎ᠠ ᠪᠠᠨ ᠡᠬᠢᠯᠡᠭᠦᠯᠵᠦ᠂ 16 ᠤ ᠡᠳᠦᠷ ᠨᠡᠭᠡᠭᠡᠯᠲᠡ ᠵᠢᠨ ᠶᠣᠰᠣᠯᠠᠯ ᠢᠶᠡᠨ ᠶᠠᠪᠤᠭᠳᠠᠭᠤᠯᠵᠤ᠂ 17 ᠤ ᠡᠳᠦᠷ ᠲᠡᠭᠦᠰ ᠠᠮᠵᠢᠯᠲᠠ ᠲᠠᠢ ᠥᠨᠳᠥᠷᠯᠡᠵᠡᠢ᠃

 ᠨᠠᠭᠠᠳᠤᠮ ᠤᠨ ᠨᠡᠭᠡᠭᠡᠯᠲᠡ ᠶᠢᠨ ᠦᠶ᠎ᠡ ᠪᠡᠷ ᠰᠥᠨᠢᠳ ᠵᠡᠭᠦᠨ ᠬᠣᠰᠢᠭᠤᠨ ᠤ ᠠᠵᠤ ᠠᠬᠤᠢ ᠨᠡᠶᠢᠭᠡᠮ ‍ᠥᠨ ᠬᠥᠭᠵᠢᠯᠲᠡ᠂ ᠰᠥᠨᠢᠳᠴᠣᠳ ᠤᠨ ᠵᠠᠩ ᠦᠢᠯᠡ᠂ ᠰᠣᠶᠣᠯ᠂ ᠠᠮᠢᠳᠤᠷᠠᠯ ᠦᠢᠯᠡᠳᠪᠦᠷᠢᠯᠡᠯ ᠤᠨ ᠣᠨᠴᠠᠯᠢᠭ ‍ᠢ ᠭᠦᠢᠴᠡᠳ ᠲᠣᠪᠣᠶᠢᠯᠭᠠᠭᠰᠠᠨ ᠵᠢᠬᠰᠠᠭᠠᠯ ᠤᠨ ᠡᠩᠨᠡᠭᠡ ᠲᠠᠯᠠᠪᠠᠢ ᠳ᠋ᠤ ᠣᠷᠣᠵᠤ᠂ ᠥᠷᠨᠢᠨ ᠬᠥᠭᠵᠢᠵᠦ ᠪᠠᠶᠢᠭ᠎ᠠ ᠰᠥᠨᠢᠳ ᠵᠡᠭᠦᠨ ᠬᠣᠰᠢᠭᠤ᠂ ᠥᠭᠡᠳᠡᠯᠡᠨ ᠳᠡᠪᠰᠢᠵᠦ ᠪᠠᠶᠢᠭ᠎ᠠ ᠮᠠᠯᠴᠢᠨ ᠲᠦᠮᠡᠨ ‍ᠥ ᠠᠮᠢᠳᠤᠷᠠᠯ ᠦᠢᠯᠡᠳᠪᠦᠷᠢᠯᠡᠯ ‍ᠥᠨ ᠪᠠᠶᠢᠳᠠᠯ ‍ᠢ ᠭᠢᠯᠠᠯᠵᠠᠲᠠᠯ᠎ᠠ ᠬᠠᠷᠠᠭᠤᠯᠵᠠᠢ᠃

 ᠨᠠᠶᠢᠷ ᠤᠨ ᠬᠤᠭᠤᠴᠠᠭᠠᠨ ᠳ᠋ᠣ 《ᠭᠢᠯᠦᠭᠡᠨ》ᠰᠣᠶᠣᠯ ᠤᠨ ᠣᠪᠣᠭᠠᠨ ᠲᠠᠬᠢᠯᠭ᠎ᠠ᠂ 《ᠭᠢᠯᠦᠭᠡᠨ ᠤᠶᠠᠩ᠋ᠭ᠎ᠠ》ᠠᠯᠲᠠᠨ ᠣᠳᠣᠨ ᠱᠠᠩᠨᠠᠯᠲᠤ ᠢᠷᠠᠭᠤ ᠨᠠᠶᠢᠷᠠᠭ ᠤᠨ ᠮᠥᠷᠥᠶᠢᠴᠡᠭᠡᠨ᠂ ᠤᠯᠠᠭᠠᠨᠮᠥ᠋ᠴᠢᠷ ᠤᠨ ᠤᠷᠠᠨ ᠰᠠᠶᠢᠬᠠᠨ ᠤ ᠲᠣᠭᠯᠠᠯᠲᠠ᠂ ᠰᠢᠲᠠᠷ᠎ᠠ ᠵᠢᠨ ᠤᠷᠤᠯᠳᠤᠭᠠᠨ᠂ ᠰᠤᠷ ᠬᠠᠷᠪᠤᠯᠲᠠ ᠵᠢᠨ ᠤᠷᠤᠯᠳᠤᠭᠠᠨ᠂ ᠤᠯᠠᠮᠵᠢᠯᠠᠯᠲᠤ ᠢᠰᠡᠭᠡᠢ ᠤᠷᠠᠯᠠᠯ ᠤᠨ ᠤᠷᠤᠯᠳᠤᠭᠠᠨ ᠵᠡᠷᠭᠡ ᠡᠯᠪᠡᠭ᠌ ᠪᠠᠶᠠᠯᠢᠭ ᠠᠭᠤᠯᠭ᠎ᠠ ᠲᠠᠢ ᠠᠵᠢᠯᠯᠠᠭ᠎ᠠ ᠥᠷᠨᠢᠭᠦᠯᠵᠦ᠂ ᠮᠠᠯᠴᠢᠨ ᠲᠦᠮᠡᠨ ᠢᠶᠡᠨ ᠪᠠᠶᠠᠰᠬᠠᠭᠰᠠᠨ ᠪᠠᠶᠢᠨ᠎ᠠ ᠃

 《ᠵᠢᠷᠭᠠᠯᠠᠩᠲᠤ ᠲᠠᠯ᠎ᠠ ᠨᠤᠲᠤᠭ᠂ ᠰᠢᠯᠢ ᠵᠢᠨ ᠭᠣᠣᠯ》 ᠮᠣᠩᠭᠣᠯ ᠪᠥᠬᠡ ᠵᠢᠨ ᠴᠥᠷᠬᠡᠯᠡᠭᠡ ᠪᠠᠷᠢᠯᠳᠤᠭᠠᠨ ᠳ᠋ᠥ ᠦᠪᠦᠷ ᠮᠤᠩᠭ᠋ᠤᠯ ᠤᠨ ᠠᠷᠤ ᠬᠣᠷᠴᠢᠨ ᠬᠤᠰᠢᠭᠤᠨ ᠤ ᠮᠥᠩᠬᠡᠳᠦ᠋ᠭᠦᠷᠡᠩ ᠲᠦᠷᠦᠭᠦᠯᠡᠵᠦ᠂ ᠵᠡᠭᠦᠨ ᠦᠵᠦᠮᠦᠴᠢᠨ ᠬᠤᠰᠢᠭᠤᠨ ᠤ ᠰᠡᠴᠡᠨᠪᠢᠯᠢᠭ ᠳᠡᠳ᠋ᠯᠡᠵᠦ᠂ ᠵᠡᠭᠦᠨ ᠰᠥᠨᠢᠳ ᠬᠤᠰᠢᠭᠤᠨ ᠤ ᠠᠮᠣᠷᠴᠠᠨ᠎ᠠ ᠭᠤᠷᠪᠠᠳᠤᠭᠠᠷ᠂ ᠬᠥᠯᠥᠨ ᠪᠣᠶᠢᠷ ᠬᠤᠳᠠ ᠶᠢᠨ ᠴᠢᠨᠳᠠᠮᠤᠨᠢ ᠳᠥᠷᠪᠡᠳᠦᠭᠡᠷ ᠲᠥ ᠲᠤᠰ ᠲᠤᠰ ᠲᠣᠳᠣᠷᠠᠵᠠᠢ᠃

31de808c-fbe0-40d4-bdd4-22aa12a67773.jpg

80c86675-6417-498c-8ce3-89b249fab03d.jpg

e5d9b29f-f131-4dc9-9552-0102965cc3e8.jpg

ᠢᠷᠡᠯᠳᠡ : 

ᠰᠢᠨᠬᠤᠸᠠ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ