ᠳᠠᠮᠢᠷ ᠪᠢᠳᠡᠨ ᠤ ᠡᠳᠦᠷ ᠳᠤᠳᠤᠮ ᠤᠨ ᠠᠮᠢᠳᠤᠷᠠᠯ ᠳᠤᠮᠳᠠᠬᠢ ᠶᠠᠷᠢᠶᠠᠨ ᠤ ᠨᠢᠭᠡ ᠰᠡᠳᠦᠪ ᠪᠤᠯᠵᠤ ᠪᠠᠶᠢᠳᠠᠭ᠃ ᠤᠳᠤ ᠦᠶ᠎ᠡ ᠶᠢᠨ ᠬᠦᠮᠦᠰ ᠤᠨ ᠠᠮᠢᠳᠤᠷᠠᠯ ᠤᠨ ᠠᠶᠢᠵᠠᠮ ᠤᠯᠠᠮ ᠠᠴᠠ ᠤᠯᠠᠮ ᠬᠤᠷᠳᠤᠨ ᠪᠤᠯᠵᠤ᠂ ᠬᠦᠮᠦᠰ ᠳᠠᠮᠢᠷ ᠢ ᠤᠢᠢᠯᠠᠭᠠᠵᠤ ᠪᠠᠶᠢᠪᠠᠴᠤ ᠳᠠᠮᠢᠷ ᠤᠨ ᠵᠤᠷᠢᠭ ᠰᠠᠨᠠᠭ᠎ᠠ ᠶᠢ ᠦᠨᠡᠨ ᠬᠦ ᠦᠢᠯᠡᠳᠦᠯᠭᠡᠵᠢᠭᠦᠯᠵᠦ ᠳᠡᠶᠢᠯᠬᠦ ᠨᠢ ᠤᠯᠠᠨ ᠦᠭᠡᠢ᠃ ᠳᠠᠮᠢᠷ ᠤᠨ ᠵᠤᠷᠢᠭ ᠰᠠᠨᠠᠭ᠎ᠠ ᠶᠢ ᠪᠢᠳᠡᠨ ᠤ ᠰᠡᠯᠡᠭᠦᠦ ᠴᠠᠭ ᠤᠨ ᠵᠤᠭᠤᠬ ᠪᠤᠯᠭᠠᠵᠥ ᠭᠦᠢᠬᠡᠨ ᠢᠶᠠᠷ ᠥᠢᠯᠠᠭᠠᠬᠤ ᠨᠢ ᠵᠦᠩᠳᠡᠭᠡᠨ᠃

ᠶᠠᠭᠤ ᠶᠢ ᠳᠠᠮᠢᠷ ᠤᠨ ᠵᠤᠷᠢᠭ ᠰᠠᠨᠠᠭ᠎ᠠ ᠭᠡᠳᠡᠭ ᠪᠤᠢ︖ ᠠᠯᠪᠠᠨ ᠤ ᠳᠠᠶᠢᠯᠪᠤᠷᠢᠯᠠᠯ ᠢᠶᠠᠷ ᠳᠠᠮᠢᠷ ᠤᠨ ᠵᠤᠷᠢᠭ ᠰᠠᠨᠠᠭ᠎ᠠ ᠪᠤᠯ ᠳᠠᠮᠢᠷ ᠤᠨ ᠪᠦᠬᠦ᠋ᠢᠯᠡ ᠴᠤᠬᠴᠠ ᠶᠢᠨ ᠲᠦᠷᠢ ᠲᠦᠷᠬᠦ᠂ ᠬᠢᠷᠢ ᠲᠦᠪᠰᠢᠨ᠂ ᠲᠦᠪ ᠭᠤᠤᠯᠴᠢ᠂ ᠢᠯᠡ ᠳᠤᠳᠤ᠂ ᠦᠪᠡᠷᠮᠢᠴᠡ ᠤᠨᠴᠠᠯᠢᠭ ᠵᠢᠴᠢ ᠨᠢᠬᠳᠠᠷᠠᠯ ᠤᠨ ᠬᠦᠴᠦᠨ᠂ ᠨᠦᠯᠦᠭᠡᠯᠡᠬᠦ ᠬᠦᠴᠦᠨ ᠪᠤᠯᠤᠨ ᠤᠷᠢᠶᠠᠯᠠᠬᠤ ᠬᠦᠴᠦᠨ ᠢ ᠲᠤᠰᠬᠠᠵᠤ᠂ ᠳᠠᠮᠢᠷ ᠤᠨ ᠬᠦᠰᠡᠯᠡᠩ᠂ ᠢᠳᠡᠭᠡᠯ ᠵᠤᠷᠢᠭ᠂ ᠴᠢᠭᠡᠴᠢ ᠵᠢᠷᠤᠮ ᠵᠢᠴᠢ ᠳᠠᠮᠢᠷ ᠤᠨ ᠮᠡᠳᠡᠯᠭᠡ᠂ ᠳᠠᠮᠢᠷ ᠤᠨ ᠮᠤᠷᠠᠯ᠂ ᠳᠠᠮᠢᠷ ᠤᠨ ᠭᠤᠸ᠎ᠠ ᠰᠠᠶᠢᠬᠠᠨ ᠤ ᠬᠢᠷᠢ ᠲᠦᠪᠰᠢᠨ ᠤ ᠪᠡᠯᠭᠡ ᠳᠡᠮᠳᠡᠭ ᠢ ᠵᠢᠭᠠᠳᠠᠭ᠃ ᠭᠡᠪᠡᠴᠦ ᠮᠢᠨᠤ ᠬᠤᠪᠢ ᠳᠤ ᠳᠠᠮᠢᠷ ᠤᠨ ᠵᠤᠷᠢᠭ ᠰᠠᠨᠠᠭ᠎ᠠ ᠶᠢ ᠨᠢᠭᠡ ᠵᠦᠢᠯ ᠤᠨ ᠮᠡᠷᠡᠶᠢᠨ ᠳᠡᠮᠡᠴᠡᠬᠦ ᠵᠤᠷᠢᠭ ᠰᠠᠨᠠᠭ᠎ᠠ ᠭᠡᠵᠤ ᠤᠢᠢᠯᠠᠭᠠᠳᠠᠭ᠃ 

ᠬᠦᠮᠦᠨ ᠪᠤᠯᠭᠠᠨ ᠳᠠᠮᠢᠷ ᠤᠨ ᠦᠢᠯᠡᠳᠦᠯᠭᠡᠵᠢᠭᠦᠯᠦᠭᠴᠢ᠂ ᠪᠠᠳᠠᠷᠠᠭᠤᠯᠤᠬᠴᠢ ᠵᠢᠴᠢ ᠲᠦᠯᠦᠭᠡᠯᠡᠭᠴᠢ ᠪᠤᠯᠬᠤ ᠶᠤᠮ᠃ ᠪᠢᠳᠡ ᠳᠠᠮᠢᠷ ᠢ ᠡᠳᠦᠷ ᠳᠤᠳᠤᠮ ᠤᠨ ᠠᠮᠢᠳᠤᠷᠠᠯ ᠳᠤᠮᠳᠠ ᠪᠠᠨ ᠤᠷᠤᠭᠤᠯᠵᠤ᠂ ᠡᠳᠦᠷ ᠪᠤᠯᠭᠠᠨ ᠳᠠᠪᠳᠠᠨ ᠪᠤᠯᠪᠠᠰᠤᠷᠠᠵᠤ᠂ ᠬᠦᠳᠡᠯᠭᠡᠭᠡᠨ ᠬᠢᠪᠡᠯ ᠵᠤᠬᠢᠨ᠎ᠠ᠃ ᠡᠷᠡᠭᠦᠯ ᠶᠠᠪᠤᠵᠤ᠂ ᠤᠷᠳᠤ ᠨᠠᠰᠤᠯᠠᠶ᠎ᠠ ᠭᠡᠪᠡᠯ ᠡᠷᠡᠭᠦᠯ ᠠᠮᠢᠳᠤᠷᠠᠯ ᠤᠨ ᠬᠡᠪ ᠵᠤᠷᠰᠢᠯ ᠢ ᠪᠤᠢ ᠪᠤᠯᠭᠠᠬᠤ ᠬᠡᠷᠡᠭᠳᠡᠢ᠃ ᠳᠠᠮᠢᠷ ᠨᠢ ᠪᠡᠶ᠎ᠡ ᠮᠠᠬᠠᠪᠤᠳ ᠢ ᠴᠤᠬᠴᠠᠯᠠᠬᠤ ᠶᠢᠨ ᠳᠡᠳᠦᠢ ᠦᠭᠡᠢ ᠬᠦᠮᠦᠨ ᠤ ᠤᠬᠠᠭᠠᠨ ᠰᠠᠨᠠᠭ᠎ᠠ ᠶᠢ ᠴᠦ ᠴᠤᠬᠴᠠᠯᠠᠵᠤ ᠪᠠᠶᠢᠳᠠᠭ᠃ ᠬᠦᠮᠦᠰ ᠤᠨ ᠵᠤᠷᠢᠭ ᠰᠠᠨᠠᠭ᠎ᠠ ᠶᠢ ᠳᠠᠪᠳᠠᠨ ᠪᠤᠯᠪᠠᠰᠤᠷᠠᠭᠤᠯᠵᠤ᠂ ᠳᠡᠰᠪᠦᠷᠢ ᠳᠡᠪᠴᠢᠶᠡᠷᠢ ᠶᠢ ᠴᠦ ᠪᠤᠯᠪᠠᠰᠤᠷᠠᠭᠤᠯᠳᠠᠭ᠃ ᠨᠢᠭᠡ ᠡᠳᠦᠷ ᠤᠨ ᠠᠵᠢᠯ ᠰᠤᠷᠤᠯᠭ᠎ᠠ ᠶᠢᠨ ᠳᠠᠷᠠᠭ᠎ᠠ᠂ ᠦᠪᠡᠷ ᠤᠨ ᠡᠷᠡᠭᠦᠯ ᠴᠢᠬᠢᠷᠠᠭ ᠪᠡᠶ᠎ᠡ ᠮᠠᠬᠠᠪᠤᠳ ᠤᠨ ᠲᠦᠯᠦᠭᠡ ᠳᠠᠮᠢᠷ ᠬᠢᠵᠤ ᠬᠦᠳᠡᠯᠭᠡᠭᠡᠨ ᠳᠤ ᠤᠷᠤᠯᠴᠠᠬᠤ ᠨᠢ ᠦᠨᠡᠨ ᠬᠦ ᠳᠠᠮᠢᠷ ᠤᠨ ᠠᠵᠢᠯᠯᠠᠭ᠎ᠠ᠂ ᠦᠨᠡᠨ ᠬᠦ ᠳᠠᠮᠢᠷ ᠤᠨ ᠵᠤᠷᠢᠭ ᠰᠠᠨᠠᠭ᠎ᠠ ᠶᠢ ᠦᠢᠯᠡᠳᠦᠯᠭᠡᠵᠢᠭᠦᠯᠵᠤ ᠪᠠᠶᠢᠭ᠎ᠠ ᠶᠠᠪᠤᠳᠠᠯ ᠪᠤᠯᠬᠤ ᠶᠤᠮ᠃

ᠤᠢᠢᠷ᠎ᠠ ᠶᠢᠨ ᠵᠢᠯ ᠠᠴᠠ ᠮᠠᠨ ᠤ ᠤᠷᠤᠨ ᠤ ᠡᠯ᠎ᠠ ᠬᠤᠯᠪᠤᠬᠳᠠᠯ ᠪᠥᠬᠦᠢ ᠰᠠᠯᠠᠭ᠎ᠠ ᠮᠥᠴᠢᠷ ᠡᠯ᠎ᠡ ᠲᠦᠷᠦᠯ ᠤᠨ ᠤᠷᠤᠯᠳᠤᠭᠠᠨ ᠲᠠᠮᠢᠷ ᠤᠨ ᠬᠦᠳᠡᠯᠭᠡᠭᠡᠨ ᠢ ᠢᠳᠠᠪᠬᠢᠳᠠᠢ ᠬᠦ᠋ᠭᠵᠢᠭᠦᠯᠵᠤ᠂ ᠠᠷᠠᠳ ᠲᠦᠮᠡᠨ ᠤ ᠪᠡᠶ᠎ᠠ ᠮᠠᠬᠠᠪᠤᠳ ᠤᠨ ᠬᠡᠪ ᠴᠢᠨᠠᠷ ᠪᠠ ᠲᠠᠮᠢᠷ ᠤᠨ ᠵᠤᠷᠢᠬ ᠰᠠᠨᠠᠭ᠎ᠠ ᠶᠢ ᠲᠤᠭᠤᠰᠢᠯᠠᠭᠤᠯᠤᠨ ᠬᠥᠭᠵᠢᠬᠦᠯᠬᠦ ᠶᠢ ᠭᠤᠤᠯᠴᠢᠯᠠᠨ ᠠᠳᠬᠤᠵᠥ ᠪᠤᠢ᠃ ᠶᠠᠮᠠᠷ ᠨᠢᠬᠡᠨ ᠠᠵᠢᠯ ᠤᠨ ᠹᠷᠥᠨᠲ᠂ ᠠᠯᠢ ᠨᠢᠬᠡᠨ ᠨᠠᠰᠤ ᠵᠢᠯ ᠤᠨ ᠬᠦᠮᠦᠨ ᠪᠤᠯᠤᠬᠰᠠᠨ ᠴᠦ ᠳᠠᠮᠢᠷ ᠢ ᠨᠢᠭᠡᠨ ᠢᠳᠡᠪᠬᠢ ᠬᠥᠴᠥᠨ ᠤᠯᠭᠤᠬᠤ ᠲᠦᠷᠦᠯ ᠵᠦᠢᠯ ᠪᠤᠶᠤ ᠠᠵᠢᠯ ᠲᠦᠷᠦᠯ ᠢᠶᠠᠷ ᠦᠵᠡᠬᠦ ᠶᠢᠨ ᠬᠠᠮᠳᠤ᠂ ᠥᠢᠯᠡᠳᠪᠤᠷᠢᠯᠡᠯ ᠠᠮᠢᠳᠤᠷᠠᠯ ᠤᠨ ᠳᠤᠮᠳᠠ ᠪᠠᠨ ᠤᠮᠳᠤᠭᠠᠢᠢᠯᠠᠵᠥ ᠪᠤᠯᠤᠰᠢ ᠦᠭᠡᠢ ᠮᠥᠷᠳᠡᠭᠡᠨ ᠳᠤᠳᠠᠬᠳᠠᠵᠤ ᠪᠤᠯᠤᠰᠢ ᠦᠬᠡᠢ ᠨᠢᠭᠡᠨ ᠠᠭᠤᠯᠭ᠎ᠠ ᠪᠤᠯᠭᠠᠵᠤ᠂ ᠳᠠᠮᠢᠷ ᠪᠠ ᠳᠠᠮᠢᠷ ᠤᠨ ᠵᠤᠷᠢᠭ ᠰᠠᠨᠠᠭ᠎ᠠ ᠶᠢ ᠠᠮᠢᠳᠤᠷᠠᠯ ᠳᠠᠭᠠᠨ ᠦᠢᠯᠡᠳᠦᠯᠭᠡᠵᠢᠭᠦᠯᠦᠶ᠎ᠡ︕

ᠪᠡᠶ᠎ᠡ ᠪᠠᠶᠢᠪᠠᠯ ᠪᠡᠭᠡᠵᠢᠩ ᠭᠡᠳᠡᠭ᠃ ᠡᠷᠡᠭᠦᠯ ᠴᠢᠬᠢᠷᠠᠭ ᠪᠠᠶ᠎ᠡ ᠮᠠᠬᠠᠪᠤᠳ ᠲᠤ ᠳᠠᠮᠢᠷ ᠤᠨ ᠬᠥᠳᠡᠯᠭᠡᠭᠡᠨ ᠳᠤᠳᠠᠬᠳᠠᠵᠤ ᠪᠤᠯᠬᠤ ᠦᠭᠡᠢ᠂ ᠡᠷᠡᠭᠦᠯ ᠴᠢᠬᠢᠷᠠᠭ ᠠᠮᠢᠳᠤᠷᠠᠯ ᠤᠨ ᠠᠷᠭ᠎ᠠ ᠮᠠᠶᠢᠭ ᠲᠤ ᠳᠠᠮᠢᠷ ᠤᠨ ᠵᠤᠷᠢᠬ ᠰᠠᠨᠠᠭ᠎ᠠ ᠨᠡᠩ ᠴᠦ ᠳᠤᠳᠠᠬᠳᠠᠵᠥ ᠪᠤᠯᠬᠤ ᠦᠭᠡᠢ᠃ ᠳᠠᠮᠢᠷ ᠤᠨ ᠬᠥᠳᠡᠯᠭᠡᠭᠡᠨ ᠪᠠ ᠲᠠᠮᠢᠷ ᠤᠨ ᠵᠤᠷᠢᠬ ᠰᠠᠨᠠᠭ᠎ᠠ ᠶᠢ ᠵᠦᠪᠬᠡᠨ ᠠᠮᠠᠨ ᠳᠡᠭᠡᠷ᠎ᠡ ᠪᠠᠨ ᠶᠠᠷᠢᠭᠠᠳ᠂ ᠳᠠᠮᠢᠷᠴᠢᠳ ᠤᠨ ᠯᠠ ᠶᠠᠪᠤᠳᠠᠯ ᠬᠡᠵᠥ ᠲᠦᠯᠬᠢᠵᠤ ᠪᠤᠯᠬᠤ ᠥᠬᠡᠢ᠃ ᠬᠠᠷᠢᠨ ᠬᠦᠮᠦᠨ ᠪᠤᠯᠭᠠᠨ 《ᠳᠠᠮᠢᠷᠴᠢᠨ》ᠪᠤᠯᠵᠤ᠂ ᠳᠠᠮᠢᠷ ᠤᠨ ᠵᠤᠷᠢᠭ ᠰᠠᠨᠠᠭ᠎ᠠ ᠪᠠᠷ ᠮᠡᠷᠡᠶᠢᠨ ᠳᠡᠮᠡᠴᠡᠵᠤ ᠶᠠᠪᠤᠵᠠᠭᠠᠶ᠎ᠠ︕ ( ᠦᠷᠴᠠᠢᠬᠤ)

ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ