1dad72df-9565-4e20-938f-877552d2ec1b.jpg

— ᠤᠯᠠᠨ ᠵᠢᠯ ᠳᠦᠷᠦᠬᠦᠯᠡᠭᠰᠡᠨ ᠮᠤᠷᠢ ᠦᠪᠡᠷ ᠢ ᠪᠠᠨ ᠤᠶᠠᠳᠠᠭ ᠬᠡᠳᠡᠭ᠃ ᠬᠦᠯᠦᠭ ᠬᠤᠷᠳᠦ ᠲᠠᠢ ᠰᠠᠶᠢᠬᠠᠨ ᠵᠤᠰᠠᠵᠦ ᠪᠠᠶᠢᠨ᠎ᠠ ᠤᠤ︖

— ᠰᠠᠶᠢᠬᠠᠨ ᠵᠤᠰᠠᠵᠦ ᠪᠠᠶᠢᠨ᠎ᠠ᠃ ᠡᠨᠡ ᠬᠤᠶᠠᠷ ᠵᠢᠯ ᠨᠠᠭᠠᠳᠤᠮ ᠳᠤ ᠮᠤᠷᠢ ᠪᠠᠨ ᠳᠤᠭ᠎ᠠ ᠲᠠᠢ ᠳᠠᠯᠪᠢᠵᠦ ᠪᠤᠢ᠂ ᠬᠠᠶᠠ ᠤᠷᠤᠯᠳᠤᠭᠤᠯᠤᠭᠠᠳ ᠯᠡ ᠬᠡᠵᠦ ᠠᠴᠢᠳᠦ ᠭᠤᠸᠠᠢ ᠵᠠᠯᠠᠨ ᠳᠡᠬᠡᠷ᠎ᠠ ᠤᠶᠠᠭ᠎ᠠ ᠲᠠᠢ ᠬᠤᠷᠳᠦᠨ ᠬᠦᠯᠦᠭ ᠤᠳ ᠢᠶᠠᠨ ᠬᠢᠷᠠᠬᠠᠢ ᠨᠢᠳᠦ ᠪᠠᠷ ᠢᠶᠠᠨ ᠬᠠᠷᠠᠵᠦ ᠠᠮᠵᠢᠪᠠ᠃ 

ᠪᠢᠳᠡ ᠢᠡᠭᠬᠢᠵᠦ ᠴᠡᠭᠡ ᠤᠤᠭᠤᠴᠢᠬᠠᠭᠰᠠᠨ ᠡ ᠵᠤᠭᠤᠭᠳᠠᠵᠦ ᠰᠠᠭᠤᠨ᠎ᠠ᠃ 

— ᠡᠨᠡ ᠳᠠᠨ ᠤ ᠨᠡᠷᠡᠭᠰᠡᠨ ᠴᠡᠭᠡ ᠤᠤ︖

— ᠪᠢᠰᠢ ᠡ᠂ ᠠᠷᠦ ᠶᠢᠨ ᠠᠶᠢᠯ ᠤᠨ ᠬᠢ᠃ ᠭᠤᠴᠢᠭᠠᠳ ᠠᠳᠤᠭᠤᠳ ᠲᠠᠢ ᠴᠤ ᠪᠢᠳᠡ ᠨᠢᠬᠡ ᠶᠡᠭᠡ ᠴᠡᠭᠡ ᠬᠢᠳᠡᠭ ᠦᠬᠡᠢ᠂ ᠳᠡᠶᠢᠮᠦ ᠴᠠᠭ ᠴᠤ ᠪᠠᠶᠢᠳᠠᠭ ᠦᠬᠡᠢ ᠶᠤᠮ ᠡ᠃ ᠤᠢᠢᠷ᠎ᠠ ᠶᠢᠨ ᠵᠢᠯ ᠳᠤ ᠴᠡᠭᠡ ᠵᠠᠰᠠᠯ ᠬᠡᠳ ᠦᠨ᠎ᠠ ᠳᠤ ᠤᠷᠤᠴᠢᠬᠠᠭᠰᠠᠨ ᠪᠠᠶᠢᠬᠤ ᠶᠤᠮ᠃ ᠤᠳᠤ ᠬᠤᠳᠠ ᠬᠦᠳᠡᠭᠡ ᠦᠬᠡᠢ ᠴᠡᠭᠡ ᠪᠠᠨ ᠤᠤᠭᠤᠵᠦ ᠡᠳ᠋ᠯᠡᠳᠡᠭ ᠪᠤᠯᠵᠠᠢ᠂ ᠮᠠᠯ ᠤᠨ ᠢᠶᠠᠨ ᠠᠰᠢᠭ ᠰᠢᠮ᠎ᠠ ᠶᠢ ᠤᠪᠤᠭᠤ ᠬᠦᠷᠳᠡᠵᠦ ᠪᠠᠶᠢᠭ᠎ᠠ ᠶᠤᠮ ᠪᠢᠵᠡ᠃ ᠠᠳᠤᠭᠤ ᠬᠡᠵᠦ᠂ ᠬᠡᠰᠢᠭ ᠲᠠᠢ ᠬᠡᠶᠢᠮᠦᠷᠢ ᠲᠠᠢ ᠠᠮᠢᠳᠠᠨ ᠰᠢᠦ᠃

ᠠᠴᠢᠳᠦ᠂ ᠦᠪᠦᠷ ᠮᠤᠩᠭᠤᠯ ᠤᠨ ᠤᠶᠠᠭᠠᠴᠢᠳ ᠤᠨ ᠨᠡᠶᠢᠬᠡᠮᠯᠢᠭ ᠤᠨ ᠬᠡᠰᠢᠬᠦᠨ᠂ ᠠᠶᠢᠮᠠᠭ ᠤᠷᠤᠨ ᠳᠠᠭᠠᠨ ᠠᠯᠳᠠᠷᠳᠡᠢ ᠤᠶᠠᠭᠠᠴᠢ᠃ ᠰᠦᠢᠯᠠᠭ᠎ᠠ ᠤᠶᠠᠭ᠎ᠠ ᠨᠢ ᠳᠡᠩᠴᠡᠭᠰᠡᠨ ᠰᠤᠷ ᠪᠤᠯᠤᠭᠰᠠᠨ ᠠᠳᠤᠭᠤᠳ ᠨᠢ ᠶᠡᠭᠡ ᠪᠠᠭ᠎ᠠ ᠨᠠᠶᠢᠷ ᠨᠠᠭᠠᠳᠤᠮ ᠳᠤ ᠵᠠᠭᠤ ᠭᠠᠷᠦᠢ ᠳᠦᠷᠦᠬᠦᠯᠠᠵᠦ ᠪᠤᠢ ᠠᠮᠵᠢᠯᠳᠠ ᠲᠠᠢ᠃

ᠪᠤᠯᠤᠷ ᠬᠦᠯᠦᠰᠦᠳᠦ ᠡᠵᠡᠨ ᠢᠶᠠᠨ ᠡᠷᠢᠳᠡᠭ᠂ ᠮᠠᠩᠯᠠᠢ ᠤᠶᠠᠭᠠᠴᠢ ᠬᠦᠯᠦᠭ ᠢᠶᠠᠨ ᠳᠠᠨᠢᠳᠠᠭ᠃ ᠮᠤᠩᠭᠤᠯ ᠨᠤᠳᠤᠭ ᠤᠨ ᠮᠤᠷᠢ ᠤᠶᠠᠭᠠᠴᠢ ᠬᠤᠶᠡᠷ ᠬᠡᠳᠦ ᠶᠢᠨ ᠪᠠᠷᠢᠯᠳᠤᠯᠭ᠎ᠠ ᠲᠠᠢ᠂ ᠬᠡᠵᠢᠶᠡᠳᠡ ᠶᠢᠨ ᠬᠤᠯᠪᠤᠭ᠎ᠠ ᠲᠠᠢ᠃ ᠠᠴᠢᠳᠦ ᠭᠤᠸᠠᠢ ᠬᠡᠳᠦ᠋ᠢᠪᠡᠷ ᠤᠳᠤᠮ ᠳᠠᠭᠠᠭᠰᠠᠨ ᠤᠶᠠᠭᠠᠴᠢ ᠪᠢᠰᠢ᠂ ᠤᠨᠠᠭᠠᠨ ᠠᠳᠤᠭᠤ ᠲᠠᠢ ᠠᠶᠢᠯ ᠪᠢᠰᠢ ᠴᠤ ᠠᠪᠤᠭᠰᠠᠨ ᠤᠨᠠᠭ᠎ᠠ ᠪᠤᠯᠭᠠᠨ ᠨᠢ ᠬᠤᠷᠳᠦᠨ ᠬᠦᠯᠦᠭ ᠪᠤᠯᠵᠦ᠂ ᠤᠶᠠᠭᠰᠠᠨ ᠬᠦᠯᠦᠭ ᠪᠦᠷᠢ ᠨᠢ ᠠᠶᠢᠷᠠᠭᠳᠠᠵᠦ ᠶᠠᠪᠤᠵᠠᠢ᠃

— ᠠᠪᠤ ᠮᠠᠨᠢ ᠨᠡᠶᠢᠳᠡ ᠶᠢᠨ ᠠᠳᠤᠭᠤ ᠶᠢ ᠬᠠᠷᠢᠭᠤᠯᠵᠦ ᠪᠠᠶᠢᠭᠰᠠᠨ ᠤ ᠬᠢ ᠪᠢᠯᠢᠦ᠂ ᠪᠢ ᠴᠤ ᠮᠤᠷᠢᠨ ᠳᠤ ᠳᠤᠷ᠎ᠠ ᠲᠠᠢ ᠪᠠᠬ᠎ᠠ ᠲᠠᠢ ᠬᠦᠮᠦᠵᠢᠵᠠᠢ᠃ ᠳᠤᠷ᠎ᠠ ᠲᠠᠢ ᠪᠠᠬ᠎ᠠ ᠲᠠᠢ ᠪᠤᠯᠬᠤ ᠪᠠᠷ ᠴᠢᠨᠢ ᠳᠡᠬᠦᠨ ᠢ ᠦᠵᠡᠨ᠎ᠠ᠂ ᠰᠢᠨᠵᠢᠨ᠎ᠠ᠂ ᠰᠤᠳᠤᠯᠤᠨ᠎ᠠ᠂ ᠳᠡᠬᠡᠬᠡᠳ ᠤᠶᠠᠨ᠎ᠠ᠂ ᠰᠦᠢᠨ᠎ᠠ᠂ ᠨᠠᠭᠠᠳᠤᠨ᠎ᠠ᠃ ᠡᠴᠤᠰ ᠲᠡᠭᠡᠨ ᠳᠡᠮ ᠢ ᠨᠢ ᠤᠯᠤᠨ᠎ᠠ᠂ ᠳᠤᠷᠰᠢᠯᠭ᠎ᠠ ᠬᠤᠷᠢᠶᠡᠨ᠎ᠠ᠂ ᠬᠠᠰᠢᠷ ᠰᠠᠭᠤᠨ᠎ᠠ᠃ ᠵᠠᠯᠠᠭᠤ ᠳᠠᠭᠠᠨ ᠠᠪᠠᠭ᠎ᠠ ᠰᠦᠨᠢᠳ ᠦᠵᠦᠮᠦᠴᠢᠨ ᠁ ᠬᠡᠳ ᠯᠡ ᠬᠡᠷ ᠤᠨ ᠪᠠᠷ᠎ᠠ ᠬᠠᠷᠡᠯ ᠦᠬᠡᠢ ᠨᠠᠭᠠᠳᠤᠭᠠᠳ ᠶᠠᠪᠤᠴᠢᠬᠠᠳᠠᠭ ᠪᠠᠶᠢᠭᠰᠠᠨ ᠬᠡᠵᠦ ᠠᠴᠢᠳᠦ ᠭᠤᠸᠠᠢ ᠳᠤᠷᠠᠰᠤᠮᠵᠢ ᠰᠡᠬᠦᠨ᠎ᠠ᠃

ᠤᠶᠠᠭᠠᠴᠢ ᠬᠡᠳᠡᠭ ᠨᠢᠬᠡ ᠬᠡᠮᠵᠢᠶᠡᠨ ᠳᠡᠭᠡᠨ ᠠᠮᠢᠳᠡᠨ ᠰᠤᠳᠤᠯᠤᠭᠠᠴᠢ᠂ ᠪᠠᠶᠢᠭᠠᠯᠢ ᠳᠠᠨᠢᠭᠴᠢ᠂ ᠠᠭᠠᠷ ᠰᠢᠨᠵᠢᠬᠡᠴᠢ᠂ ᠰᠢᠮ᠎ᠠ ᠳᠡᠵᠢᠬᠡᠯᠴᠢ᠂ ᠳᠠᠮᠢᠷ ᠳᠠᠰᠬᠠᠯᠵᠢᠭᠤᠯᠤᠭᠴᠢ ᠁ ᠬᠡᠳ ᠤᠯᠠᠨ ᠡᠷᠳᠡᠮ ᠤᠨ ᠬᠤᠷᠢᠶᠡᠩᠭᠤᠢ ᠨᠢᠬᠡᠳᠭᠡᠯ ᠶᠤᠮ᠃ ᠡᠨᠡ ᠪᠦᠬᠦ ᠡᠷᠳᠡᠮ ᠢᠶᠠᠨ ᠳᠡᠯᠬᠡᠷᠡᠬᠦᠯᠬᠦ ᠳᠤᠳᠤᠮ ᠤᠶᠠᠭᠰᠠᠨ ᠬᠦᠯᠦᠭ ᠨᠢ ᠬᠤᠷᠳᠤᠯᠡᠵᠦ᠂ ᠤᠯᠠᠨ ᠤ ᠤᠤᠬᠠᠢ ᠶᠢ ᠬᠦᠯᠢᠶᠡᠳᠡᠭ᠃ ᠠᠴᠢᠳᠦ ᠭᠤᠸᠠᠢ ᠶᠠᠭ ᠡᠬᠦᠨ ᠤ ᠢᠯᠡ ᠳᠤᠳᠤ ᠬᠠᠷᠠᠭᠤᠯᠤᠯ᠄ ᠤᠶᠠᠭᠰᠠᠨ ᠮᠤᠷᠢ ᠪᠤᠯᠭᠠᠨ ᠨᠢ ᠱᠠᠩ ᠢᠳᠡᠵᠦ ᠪᠠᠶᠢᠭᠰᠠᠨ︔ ᠠᠬ᠎ᠠ ᠳᠡᠬᠦᠦ ᠨᠡᠷ ᠲᠠᠭᠠᠨ ᠳᠠᠨᠢᠯᠴᠠᠭᠤᠯᠵᠦ ᠦᠭᠬᠦᠭᠰᠡᠨ ᠮᠤᠷᠢ ᠨᠢ ᠴᠤ ᠬᠡᠰᠡᠨ ᠪᠦᠷ ᠠᠶᠢᠷᠠᠭᠳᠠᠵᠦ ᠪᠠᠶᠢᠭᠰᠠᠨ︔ ᠱᠠᠩ ᠤᠨ ᠠᠳᠤᠭᠤ ᠨᠢ ᠬᠦᠷᠳᠡᠯ᠎ᠠ ᠴᠤᠯᠡ ᠳᠠᠭᠤᠳᠠᠭᠤᠯᠳᠠᠭ ᠪᠠᠶᠢᠭᠰᠠᠨ᠃ ᠳᠡᠷᠡ ᠪᠠᠷ ᠬᠤᠷᠢ ᠭᠠᠷᠦᠢ ᠠᠳᠤᠭᠤ ᠶᠢ ᠤᠶᠡᠵᠦ ᠬᠤᠷᠳᠤᠯᠠᠭᠤᠯᠬᠤ ᠳᠠᠭᠠᠨ ᠪᠦᠳᠦᠬᠦᠨ ᠬᠠᠷ᠎ᠠ ᠮᠤᠷᠢ ᠨᠢ 23᠂ ᠳᠤᠭᠤᠷᠤᠤ ᠬᠠᠯᠳᠠᠷ ᠨᠢ 22᠂ ᠦᠨᠳᠦᠷ ᠬᠠᠷ᠎ᠠ ᠨᠢ 21᠂ ᠠᠯᠠᠭ ᠮᠤᠷᠢ ᠨᠢ 18᠂ ᠴᠤᠸᠠᠩ ᠬᠠᠷ᠎ᠠ ᠮᠤᠷᠢ᠂ ᠨᠠᠷᠢᠨ ᠬᠠᠷ᠎ᠠ ᠮᠤᠷᠢ ᠨᠢ ᠳᠤᠰ ᠪᠦᠷᠢ 11᠂ ᠳᠠᠪᠤᠨ ᠴᠠᠭᠠᠨ ᠨᠢ 6᠂ ᠬᠦᠷᠡᠩ ᠮᠤᠷᠢ ᠨᠢ 4᠂ ᠦᠨᠳᠦᠷ ᠬᠤᠸᠠ ᠨᠢ 2᠂ ᠱᠠᠩ ᠤᠨ ᠬᠠᠷ᠎ᠠ ᠨᠢ 2᠂ ᠱᠠᠩ ᠤᠨ ᠬᠡᠬᠡᠷ ᠨᠢ 1 ᠤᠳᠠᠭ᠎ᠠ ᠁ ᠳᠦᠷᠦᠬᠦᠯᠡᠵᠦ ᠦᠡᠭᠬᠡᠷᠡᠵᠡᠢ᠃   

32769431-f1bc-4340-8951-ae7851c5444b.jpg

2004 ᠤᠨ ᠳᠤ᠃ ᠪᠠᠷᠠᠭᠤᠨ ᠦᠵᠦᠮᠦᠴᠢᠨ ᠨᠤᠳᠤᠭ ᠲᠠᠢ ᠬᠡᠳᠦᠨ ᠨᠠᠶᠢᠵᠠ ᠨᠢ ᠠᠴᠢᠳᠦ ᠪᠠᠷ ᠬᠤᠷᠳᠦᠨ ᠬᠦᠯᠦᠭ ᠦᠵᠡᠬᠦᠯᠬᠦ ᠪᠠᠷ ᠠᠷᠪᠠᠭᠠᠳ ᠠᠳᠤᠭᠤ ᠲᠠᠢ ᠨᠢᠬᠡᠨ ᠠᠶᠢᠯ ᠳᠤ ᠬᠦᠷᠴᠠᠢ᠃ ᠠᠴᠢᠳᠦ ᠪᠠᠶ᠎ᠠ ᠪᠠᠷ ᠵᠢᠭᠠᠬᠠᠨ ᠰᠢᠭ᠋ ᠬᠠᠷ᠎ᠠ ᠰᠢᠳᠦᠯᠡᠩ ᠦᠷᠢᠶ᠎ᠠ ᠶᠢ ᠰᠢᠨᠵᠢᠵᠦ ᠰᠢᠨᠵᠢᠵᠦ ᠳᠠᠨᠢᠯᠴᠠᠭᠤᠯᠤᠭᠰᠠᠨ ᠳᠤ ᠨᠠᠶᠢᠵᠠ ᠨᠠᠷ ᠨᠢ ᠳᠤᠭᠤᠭᠰᠠᠨ ᠦᠬᠡᠢ ᠬᠡᠨ᠎ᠠ᠃ ᠳᠤᠭᠤᠭᠰᠠᠨ ᠦᠬᠡᠢ ᠪᠤᠯᠬᠤᠷ ᠨᠢ ᠦᠪᠡᠷ ᠢᠶᠠᠨ ᠬᠤᠳᠠᠯᠳᠤᠭᠠᠳ ᠠᠪᠤᠴᠢᠬᠠᠶ᠎ᠠ ᠬᠡᠳ 2600 ᠳᠦᠬᠦᠷᠢᠭ ᠦᠭᠬᠦᠬᠡᠳ᠂ ᠬᠡᠷ ᠲᠡᠭᠡᠨ ᠠᠪᠴᠢᠷᠡᠵᠦ ᠤᠶᠠᠭ᠎ᠠ ᠰᠦᠢᠯᠠᠭ᠎ᠠ ᠶᠢ ᠨᠢ ᠳᠡᠩᠴᠡᠬᠦᠯᠵᠦ ᠡᠬᠢᠯᠡᠵᠡᠢ᠃ ᠳᠠᠷᠠᠭ᠎ᠠ ᠵᠢᠯ ᠨᠢ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠭᠤᠤᠯ ᠰᠤᠮᠤᠨ ᠤ ᠪᠠᠶᠠᠨ ᠴᠠᠭᠠᠨ ᠤᠪᠤᠭᠠᠨ ᠨᠠᠶᠢᠷ ᠲᠤ ᠬᠢᠵᠠᠭᠠᠯᠠᠩ ᠦᠷᠢᠶᠡᠨ ᠤ ᠤᠷᠤᠯᠳᠤᠭᠠᠨ ᠳᠤ ᠦᠨᠦ ᠵᠢᠭᠠᠬᠠᠨ ᠬᠠᠷ᠎ᠠ ᠪᠠᠨ ᠠᠩᠬ᠎ᠠ ᠳᠠᠯᠪᠢᠭᠰᠠᠨ ᠴᠢᠨᠢ ᠳᠦᠷᠦᠬᠦᠯᠡᠴᠢᠬᠡᠵᠦ ᠬᠡᠨ᠎ᠠ᠃ ᠤᠳᠠᠯ ᠦᠬᠡᠢ᠂ ᠪᠠᠷᠠᠭᠤᠨ ᠦᠵᠦᠮᠦᠴᠢᠨ ᠬᠤᠰᠢᠭᠤᠨ ᠤ ᠠᠮᠤᠭᠤᠯᠠᠩᠳᠦ ᠨᠠᠭᠠᠳᠤᠮ ᠤᠨ ᠬᠢᠵᠠᠭᠠᠯᠠᠩ ᠦᠷᠢᠶᠡᠨ ᠤ ᠤᠷᠤᠯᠳᠤᠭᠠᠨ ᠳᠤ ᠪᠠᠰᠠ ᠳᠦᠷᠦᠬᠦᠯᠡᠴᠢᠬᠡᠵᠡᠢ᠃ ᠵᠢᠯ ᠪᠦᠷᠢ ᠶᠠᠪᠤᠭᠳᠠᠳᠠᠭ ᠡᠨᠡ ᠬᠦ ᠨᠠᠭᠠᠳᠤᠮ ᠳᠤ ᠳᠡᠷᠡ ᠪᠠᠷ ᠨᠠᠢᠮᠠᠨ ᠵᠢᠯ ᠳᠠᠷᠠᠭᠠᠯᠠᠨ ᠳᠦᠷᠦᠬᠦᠯᠡᠭᠰᠡᠨ ᠭᠠᠶᠢᠬᠠᠮᠰᠢᠭ ᠢ ᠪᠢᠴᠢᠭᠯᠡᠵᠦ᠂ 《ᠠᠴᠢᠳᠦ ᠬᠠᠰᠢ ᠯᠡ ᠮᠤᠷᠢ ᠳᠠᠨᠢᠳᠠᠭ ᠭᠠᠷ ᠶᠤᠮ ᠡ》 ᠬᠡᠰᠡᠨ ᠪᠠᠭ᠋ᠠᠷᠬᠠᠯ ᠪᠢᠰᠢᠷᠡᠯ ᠢ ᠤᠯᠵᠦ ᠶᠠᠪᠤᠵᠠᠢ᠃

ᠨᠡᠷ᠎ᠠ ᠨᠢ ᠮᠠᠨᠳᠤᠭᠠᠳ ᠶᠠᠮᠠᠷ ᠱᠤᠭᠳᠠᠢ ᠬᠡᠮᠵᠢᠶᠡᠨ ᠳᠤ ᠬᠦᠷᠴᠠᠢ ᠬᠡᠪᠡᠯ᠄ ᠠᠴᠢᠳᠦ ᠢᠷᠡᠬᠡᠳ ᠮᠤᠷᠢ ᠰᠢᠨᠵᠢᠵᠦ ᠪᠠᠶᠢᠨ᠎ᠠ᠂ ᠳᠤᠭᠤᠭᠰᠠᠨ ᠮᠤᠷᠢ ᠨᠢ ᠳᠠᠭᠠᠷᠡᠪᠡᠯ ᠦᠨ᠎ᠠ ᠶᠢ ᠨᠢ ᠦᠰᠬᠡᠵᠦ ᠬᠡᠯᠡ ᠬᠡᠳ ᠪᠠᠶᠠᠨᠰᠢᠯᠢ ᠶᠢᠨ ᠮᠠᠶᠢᠮᠠᠶᠢᠴᠢᠳ ᠨᠢᠬᠡ ᠨᠢᠬᠡᠨ ᠳᠡᠭᠡᠨ ᠵᠠᠬᠢᠳᠠᠭ ᠪᠤᠯᠵᠠᠢ᠃ ᠠᠷᠭ᠎ᠠ ᠦᠬᠡᠢ᠂ ᠳᠡᠬᠦᠨ ᠤ ᠳᠤᠭᠤᠭᠰᠠᠨ ᠮᠤᠷᠢ ᠪᠤᠯᠭᠠᠨ ᠨᠢ ᠬᠤᠷᠳᠤᠯᠡᠬᠤ ᠬᠡᠮᠵᠢᠶᠡᠨ ᠤ ᠬᠦᠯᠦᠭ ᠤᠳ ᠬᠤᠶᠢᠨ᠎ᠠ᠃

— ᠤᠳᠤ ᠤᠶᠠᠭᠠᠴᠢᠳ ᠠᠷᠪᠢᠳᠴᠠᠢ᠂ ᠳᠤᠭᠤᠢ ᠯᠡ ᠨᠢᠬᠡ ᠵᠠᠯᠠᠭᠤᠴᠤᠳ ᠴᠢᠨᠢ ᠮᠤᠷᠢ ᠠᠪᠤᠭᠠᠳ ᠯᠠ ᠨᠠᠭᠠᠳᠤᠨ᠎ᠠ᠃ ᠵᠤᠭᠤᠰ ᠲᠠᠢ ᠨᠢᠬᠡ ᠨᠢ ᠠᠷᠪᠠ ᠬᠤᠷᠢᠨ ᠳᠦᠮᠡ ᠪᠠᠷ ᠭᠠᠳᠠᠭᠠᠳᠦ ᠶᠢᠨ ᠴᠡᠪᠡᠷ ᠴᠢᠰᠦᠨ ᠤ ᠮᠤᠷᠢ ᠠᠪᠤᠭᠠᠳ ᠤᠷᠤᠯᠳᠤᠬᠤ ᠪᠠᠷ ᠴᠢᠨᠢ ᠮᠠᠨ ᠤ ᠳᠡᠷᠡ ᠴᠢᠨᠢ ᠬᠠᠪᠢᠳᠠᠬᠤ ᠦᠬᠡᠢ ᠶᠠ᠃ ᠳᠡᠷᠡ ᠮᠦᠷᠳᠡᠬᠡᠨ ᠬᠡᠨ ᠤ ᠬᠢᠨ ᠮᠤᠷᠢ ᠨᠢ ᠯᠠᠪᠳᠠᠶᠢᠶ᠎ᠠ ᠳᠦᠷᠦᠬᠦᠯᠡᠴᠢᠬᠡᠨ᠎ᠠ ᠬᠡᠵᠦ ᠪᠠᠳᠤᠯᠠᠭ᠎ᠠ ᠲᠠᠢ ᠬᠡᠯᠡᠵᠦ ᠳᠡᠶᠢᠯᠬᠦ ᠦᠬᠡᠢ ᠴᠠᠭ ᠪᠤᠯᠵᠠᠢ᠃ ᠰᠡᠬᠦᠯ ᠳᠤᠨᠢ ᠪᠢ ᠪᠤᠳᠤᠳᠠᠭ ᠪᠤᠯᠤᠭᠰᠠᠨ᠂ ᠮᠤᠩᠭᠤᠯ ᠮᠤᠷᠢ ᠪᠠᠨ ᠯᠡ ᠤᠶᠡᠶ᠎ᠠ ᠬᠡᠵᠦ ᠠᠴᠢᠳᠦ ᠭᠤᠸᠠᠢ ᠬᠡᠯᠡᠬᠡᠳ ᠮᠠᠨᠤᠰ ᠲᠤ ᠤᠶᠠᠭ᠎ᠠ ᠲᠠᠢ ᠮᠤᠷᠢᠳ ᠢᠶᠠᠨ ᠦᠵᠡᠬᠦᠯᠬᠦ ᠪᠠᠷ ᠭᠠᠷᠤᠯ᠎ᠠ᠃

— ᠮᠡᠳᠡᠬᠡᠵᠢ᠂ ᠲᠠᠨ ᠢ ᠬᠢᠷᠠᠬᠠᠢ ᠤᠶᠠᠭᠠᠴᠢ ᠬᠡᠳᠡᠭ᠃ ᠬᠤᠷᠳᠦᠨ ᠮᠤᠷᠢ ᠶᠢ ᠶᠡᠷᠦ ᠨᠢ ᠶᠠᠭᠠᠬᠢᠵᠦ ᠰᠢᠨᠵᠢᠳᠡᠭ ᠪᠤᠢ︖ ᠦᠪᠡᠷ ᠤᠨ ᠴᠢᠨᠢ ᠨᠢᠬᠡ ᠶᠠᠭᠤᠮ᠎ᠠ ᠪᠠᠶᠢᠨ᠎ᠠ ᠳ᠋ᠠ᠂ ᠳᠡᠬᠦᠨ ᠢ ᠪᠠᠨ ᠨᠢᠭᠤᠴᠠᠯᠠᠵᠦ ᠪᠢᠰᠢ᠂ ᠬᠠᠭᠤᠴᠢᠯᠡᠵᠦ ᠬᠡᠯᠡᠬᠦ ᠦᠬᠡᠢ ᠤᠤ ᠲᠠ︖

— ᠠᠬᠠᠮᠠᠳ ᠤᠨ ᠳᠡᠷᠬᠡᠳᠡ ᠪᠤᠯ ᠪᠢᠳᠡ ᠴᠢᠨᠢ ᠮᠤᠷᠢ ᠳᠠᠨᠢᠬᠤ ᠳᠠᠭᠠᠨ ᠤᠷᠤᠬᠤ ᠦᠬᠡᠢ᠃ ᠬᠡᠬᠦ ᠳᠡᠭᠡᠨ ᠰᠠᠶᠢᠨ ᠮᠤᠷᠢ ᠬᠡᠳᠡᠭ ᠴᠠᠭᠠᠨ᠎ᠠ ᠠᠴᠠ ᠪᠠᠨ ᠢᠳᠡᠷᠡᠬᠦᠨ ᠪᠠᠳᠠᠷᠠᠩᠭᠤᠢ ᠳᠦᠷᠬᠦ ᠲᠠᠢ᠃ ᠭᠠᠳᠠᠷ ᠬᠡᠯᠪᠡᠷᠢ᠂ ᠪᠡᠶ᠎ᠠ ᠪᠢᠯᠳᠡᠷ ᠪᠡ ᠳᠤᠳᠤᠭᠠᠳᠦ ᠪᠦᠳᠦᠴᠡ᠂ ᠨᠢᠭᠤᠴᠠ ᠰᠢᠨᠵᠢ ᠳᠡᠮᠳᠡᠭ᠂ ᠦᠢᠯᠡ ᠬᠦᠳᠡᠯᠦᠯ ᠵᠡᠷᠬᠡ ᠳᠠᠯ᠎ᠠ ᠠᠴᠠ ᠠᠳᠤᠭᠤᠨ ᠤ ᠡᠷᠡᠬᠦᠯ ᠳᠦᠯᠦᠪ᠂ ᠤᠷᠴᠢᠨ ᠳᠤᠭᠤᠷᠢᠨ ᠳᠤ ᠵᠤᠬᠢᠴᠠᠬᠤ ᠴᠢᠳᠠᠪᠤᠷᠢ᠂ ᠳᠠᠭᠠᠭᠠᠴᠠ ᠳᠡᠰᠪᠤᠷᠢ᠂ ᠵᠠᠩ ᠠᠷᠠᠨᠰᠢᠨ ᠪᠡ ᠬᠤᠷᠳᠦᠴᠠ ᠶᠢ ᠤᠢᠢᠯᠠᠭᠠᠳᠠᠭ ᠬᠡᠮᠡᠨ ᠠᠴᠢᠳᠦ ᠭᠤᠸᠠᠢ ᠢᠯᠠᠭᠠᠷᠬᠠᠵᠦ ᠪᠤᠢ ᠬᠠᠶᠢᠷᠡᠳᠡᠢ ᠬᠦᠯᠦᠭ ᠤᠳ ᠢᠶᠠᠨ ᠢᠯᠢᠴᠢᠬᠡᠭᠰᠡᠨ᠂ ᠪᠠᠭ᠋ᠠᠷᠬᠠᠨ ᠪᠠᠶᠢᠵᠦ ᠠᠮᠠ ᠬᠠᠯᠠᠨ᠎ᠠ᠃

ᠳᠡᠬᠦᠨ ᠤ ᠶᠠᠷᠢᠶᠡᠨ ᠠᠴᠠ ᠬᠦᠯᠦᠭ ᠬᠦᠯᠦᠭ ᠠᠳᠠᠯᠢ ᠦᠬᠡᠢ ᠶᠢᠨ ᠤᠴᠢᠷ ᠵᠠᠷᠢᠮ ᠮᠤᠷᠢᠨ ᠤ ᠭᠠᠳᠠᠷ ᠰᠢᠨᠵᠢ ᠨᠢ ᠳᠡᠶᠢᠮᠦ ᠳᠤᠪᠤᠶᠢᠮ᠎ᠠ ᠪᠢᠰᠢ ᠪᠠᠶᠢᠳᠠᠭ᠃ ᠶᠡᠬᠡᠨᠭᠬᠢ ᠪᠠᠶᠢᠳᠠᠯ ᠳᠠᠭᠠᠨ ᠤᠶᠠᠭᠠᠴᠢ ᠬᠦᠮᠦᠨ ᠤ ᠡᠷᠳᠡᠮ ᠯᠡ ᠮᠡᠳᠡᠭᠰᠡᠨ ᠬᠡᠷᠡᠭ᠃ ᠨᠠᠭᠠᠳᠤ ᠵᠠᠬ᠎ᠠ ᠨᠢ ᠳᠡᠷᠡ ᠠᠳᠤᠭᠤᠨ ᠤ ᠤᠰᠤ ᠤᠤᠭᠤᠬᠤ ᠶᠠᠩᠵᠦ᠂ ᠢᠨᠴᠠᠭᠠᠬᠤ ᠳᠠᠭᠤ᠂ ᠰᠢᠬᠡᠬᠦ ᠪᠠᠶᠢᠳᠠᠯ᠂ ᠤᠨᠳᠠᠬᠤ ᠪᠠᠶᠢᠳᠠᠯ᠂ ᠤᠨᠠᠭᠠᠯᠠᠬᠤ ᠪᠠᠶᠢᠳᠠᠯ ᠬᠦᠷᠳᠡᠯ᠎ᠠ ᠨᠢ ᠨᠡᠷᠢᠨ ᠳᠤᠭᠠᠴᠠᠭ᠎ᠠ ᠨᠢᠮᠪᠠᠢ ᠰᠢᠨᠵᠢᠯᠡᠭᠡ ᠲᠠᠢ᠃ ᠬᠠᠮᠤᠭ ᠤᠨ ᠭᠤᠤᠯ ᠨᠢ ᠮᠤᠷᠢ ᠤᠶᠠᠵᠦ ᠬᠤᠷᠳᠤᠯᠠᠭᠤᠯᠬᠤ ᠳᠤ ᠠᠮᠢᠰᠬᠤᠭ᠎ᠠ ᠶᠢ ᠨᠢ ᠠᠭᠤᠵᠢᠷᠠᠭᠤᠯᠵᠦ᠂ ᠵᠠᠳᠠᠯᠬᠤ ᠬᠡᠷᠡᠭᠳᠡᠢ ᠭᠡᠳᠡᠭ ᠢ ᠮᠡᠳᠡᠯ᠎ᠠ᠃

— ᠲᠨ ᠮᠤᠷᠢ ᠤᠶᠠᠬᠤ ᠡᠷᠳᠡᠮ ᠤᠨ ᠢᠶᠠᠨ ᠬᠠᠮᠤᠭ ᠤᠨ ᠭᠤᠤᠯ ᠢ ᠨᠢ ᠬᠡᠯᠡᠬᠡᠳ ᠦᠭᠬᠦᠴᠢᠬᠡᠯ᠎ᠠ ᠰᠢᠳᠡ᠂ ᠪᠠᠶᠠᠷᠯᠡᠯ᠎ᠠ᠃

— ᠳᠡᠷᠡ ᠶᠠᠭᠠᠬᠢᠬᠤ ᠪᠤᠢ᠂ ᠤᠶᠠᠭᠠᠴᠢᠳ ᠤᠨ ᠮᠡᠳᠡᠳᠡᠭ ᠯᠡ ᠵᠦᠢᠯ ᠪᠠᠶᠢᠬ᠎ᠠ᠃ ᠨᠢᠬᠡ ᠭᠠᠰᠢᠭᠤᠨ ᠶᠠᠭᠤᠮ᠎ᠠ ᠪᠤᠢ᠂ ᠶᠠᠷᠢᠴᠢᠬᠠᠬᠤ ᠤᠤ︖

— ᠳᠡᠭᠡ ᠡ᠂ ᠰᠤᠨᠤᠰᠤᠶ᠎ᠠ᠃

— ᠳᠡᠷᠡ ᠨᠢ ᠶᠠᠭᠤ ᠪᠤᠢ ᠬᠡᠬᠦ ᠪᠠᠷ ᠠᠮᠢᠳᠠᠨ ᠳᠤ ᠬᠠᠶᠢᠷ᠎ᠠ ᠬᠦᠷᠬᠦ᠃ ᠬᠡᠨᠡᠨ ᠰᠢᠦ᠃ ᠬᠠᠶᠢᠷᠡᠳᠡᠢ ᠮᠤᠷᠢ ᠴᠢᠨᠢ ᠨᠢᠬᠡ ᠬᠡᠮᠳᠦᠵᠦ ᠰᠢᠷᠬᠠᠳᠤᠪᠡᠯ ᠵᠢᠷᠦᠬᠡᠨ ᠳᠤ ᠰᠢᠷ᠎ᠠ ᠤᠰᠤ ᠳᠤᠨᠤᠬᠤ ᠶᠤᠮ᠃ ᠤᠳᠤ ᠪᠤᠯ ᠰᠤᠷᠢᠵᠦ ᠪᠠᠶᠢᠬᠤ ᠳᠠᠭᠠᠨ ᠴᠤ ᠢᠡᠭᠬᠢᠵᠦ ᠴᠢᠩᠬᠢᠴᠢᠬᠡᠬᠦ ᠪᠤᠢ ᠬᠡᠵᠦ ᠠᠶᠤᠳᠠᠭ ᠪᠤᠯᠤᠭᠰᠠᠨ᠃ ᠳᠡᠷᠡ ᠵᠢᠯ ᠤᠷᠤᠯᠳᠤᠭᠠᠨ ᠤ ᠭᠠᠵᠠᠷ ᠢ ᠨᠢ ᠤᠷᠢᠳ ᠢᠶᠠᠷ ᠦᠵᠡᠭᠰᠡᠨ ᠦᠬᠡᠢ ᠠᠴᠠ ᠪᠤᠯᠵᠦ ᠳᠦᠷᠦᠬᠦᠯᠡᠬᠦ ᠮᠤᠷᠢ ᠮᠠᠨᠢ ᠬᠦᠨᠳᠡᠢ ᠨᠦᠬᠡ ᠳᠠᠭᠠᠷᠠᠵᠦ ᠳᠠᠮ ᠬᠢᠰᠬᠢᠬᠡᠳ ᠬᠦᠯ ᠢᠶᠠᠨ ᠬᠤᠭᠤᠯᠴᠢᠬᠠᠭᠰᠠᠨ᠃ ᠳᠡᠬᠡᠬᠡᠳ ᠠᠵᠢᠷᠭ᠎ᠠ ᠳᠠᠯᠪᠢᠴᠢᠬᠠᠭᠰᠠᠨ ᠳ᠋ᠠ ᠁ ᠳᠡᠷᠡ ᠠᠶᠤᠮᠰᠢᠭᠳᠤ ᠪᠠᠶᠢᠳᠠᠯ ᠢ ᠨᠢᠳᠦ ᠪᠠᠷ ᠢᠶᠠᠨ ᠦᠵᠡᠬᠦ ᠬᠡᠴᠡᠬᠦᠦ᠂ ᠦᠨᠡᠬᠡᠷ ᠬᠡᠴᠡᠬᠦᠦ ᠬᠡᠳ ᠬᠡᠨᠳᠡᠭᠰᠡᠨ ᠮᠤᠷᠢᠨ ᠤ ᠪᠠᠨ ᠬᠡᠷᠡᠯ ᠵᠢᠷᠤᠭ ᠢ ᠦᠵᠡᠬᠦᠯᠪᠡ᠃ 

ᠤᠷᠤᠯᠳᠤᠭᠠᠨ ᠤ ᠭᠠᠵᠠᠷ ᠢ ᠨᠢ ᠰᠠᠶᠢᠳᠦᠷ ᠰᠢᠨᠵᠢᠵᠦ᠂ ᠨᠢᠬᠡ ᠤᠳᠠᠭ᠎ᠠ ᠶᠠᠪᠤᠵᠦ ᠦᠵᠡᠭᠰᠡᠨ ᠪᠠᠶᠢᠬᠤ ᠴᠢᠬᠤᠯᠠᠳᠠᠢ ᠶᠢ ᠪᠢᠳᠡ ᠠᠴᠢᠳᠦ ᠭᠤᠸᠠᠢ ᠶᠢᠨ ᠬᠠᠷᠠᠮᠰᠠᠯ ᠠᠴᠠ ᠰᠤᠨᠤᠰᠤᠯ᠎ᠠ᠃ ᠪᠠᠰᠠ ᠮᠤᠷᠢᠨ ᠤ ᠬᠡᠦᠬᠡᠳ᠂ ᠰᠠᠶᠢᠨ ᠤᠨᠤᠭᠠᠴᠢ ᠮᠠᠰᠢ ᠴᠢᠬᠤᠯᠡ ᠶᠢ ᠮᠡᠳᠡᠯ᠎ᠠ᠃ ᠬᠡᠳᠦᠢ ᠬᠡᠯᠡᠵᠦ ᠪᠠᠶᠢᠯ᠎ᠠ ᠴᠤ ᠳᠤᠭᠳᠠᠭᠠᠬᠤ ᠳᠤ ᠮᠠᠭᠤᠳᠠᠢ ᠬᠡᠦᠬᠡᠳ ᠪᠤᠯ ᠤᠷᠤᠯᠳᠤᠭᠠᠨ ᠤ ᠳᠠᠯᠠᠪᠠᠢ ᠳᠤ ᠶᠠᠭᠠᠷᠡᠵᠦ ᠰᠠᠭᠠᠷᠠᠬᠤ ᠵᠦᠢᠯ ᠭᠠᠷᠤᠭᠠᠳ ᠪᠠᠶᠢᠳᠠᠭ ᠬᠡᠨ᠎ᠠ᠃ ᠤᠨᠤᠭᠠᠴᠢ᠂ ᠮᠤᠷᠢ ᠬᠤᠶᠡᠷ ᠨᠢᠬᠡᠳᠴᠤ ᠪᠠᠶᠢᠮᠠᠨ ᠠᠮᠵᠢᠯᠳᠡ ᠪᠠᠶᠢᠭᠤᠯᠤᠨ᠎ᠠ᠃ ᠮᠤᠷᠢᠨ ᠤ ᠬᠡᠦᠬᠡᠳ ᠲᠤ ᠦᠪᠡᠷ ᠤᠨ ᠦᠷ᠎ᠠ ᠮᠡᠳᠦ ᠬᠠᠶᠢᠷᠡᠳᠡᠢ ᠪᠠᠶᠢᠬᠤ᠂ ᠰᠠᠶᠢᠳᠦᠷ ᠬᠢᠨᠠᠭᠤᠷ ᠳᠤᠳᠤᠮᠳᠠᠬᠤ᠂ ᠳᠤᠷᠰᠢᠯᠭ᠎ᠠ ᠪᠠᠨ ᠶᠡᠬᠦᠯᠡᠬᠦ᠂ ᠮᠤᠷᠢ ᠤᠨᠤᠬᠤ ᠮᠡᠷᠬᠡᠵᠢᠯ ᠢ ᠨᠢ ᠳᠡᠭᠡᠭᠰᠢᠯᠡᠬᠦᠯᠬᠦ᠂ ᠠᠯᠢ ᠦᠶ᠎ᠠ ᠳᠤᠨᠢ ᠵᠢᠯᠤᠭᠤ ᠰᠤᠩᠭᠠᠵᠦ᠂ ᠠᠯᠢ ᠴᠠᠭ ᠲᠤᠨᠢ ᠮᠤᠷᠢᠨ ᠤ ᠠᠶ᠎ᠠ ᠪᠠᠷ ᠶᠠᠪᠤᠭᠤᠯᠬᠤ᠂ ᠭᠠᠷᠤᠭᠠᠨ ᠤ ᠭᠠᠵᠠᠷ ᠠᠴᠠ ᠶᠠᠭᠠᠬᠢᠵᠦ ᠰᠤᠭᠤᠷᠠᠬᠤ᠂ ᠪᠠᠷᠢᠭᠠᠨ ᠤ ᠭᠠᠵᠠᠷ ᠬᠡᠷᠬᠢᠨ ᠰᠤᠮᠤᠳᠠᠬᠤ᠂ ᠦᠷᠢᠰᠦᠯᠳᠦᠬᠦ ᠮᠤᠷᠢ ᠪᠠᠨ ᠶᠠᠭᠠᠬᠢᠵᠦ ᠳᠠᠷ ᠢ ᠨᠢ ᠪᠠᠷᠠᠭᠠᠬᠤ᠂ ᠬᠡᠷᠬᠢᠨ ᠬᠤᠷᠢᠵᠤ ᠬᠠᠰᠢᠬᠤ ᠁ ᠬᠡᠬᠦᠴᠢᠯᠡᠨ ᠤᠯᠠᠨ ᠳᠠᠯ᠎ᠠ ᠶᠢᠨ ᠠᠩᠬᠠᠷᠤᠯ ᠬᠦᠮᠦᠵᠢᠯ ᠪᠠᠶᠢᠳᠠᠭ ᠠᠵᠢ᠃

— ᠦᠷᠯᠦᠬᠡ ᠰᠡᠷᠢᠬᠦᠨ ᠪᠠᠶᠢᠭᠰᠠᠨ ᠢᠶᠠᠨ ᠤᠳᠤ ᠬᠠᠯᠠᠭᠤᠨ ᠪᠤᠯᠬᠤ ᠰᠢᠨᠵᠢᠳᠡᠢ ᠳ᠋ᠠ᠃

— ᠬᠠᠷᠢᠨ ᠳᠡᠶᠢᠮᠦ᠃ ᠴᠠᠭ ᠠᠭᠤᠷ ᠤᠨ ᠪᠠᠶᠢᠳᠠᠯ ᠢ ᠤᠨᠤᠪᠴᠢᠳᠠᠢ ᠤᠷᠢᠳᠴᠢᠯᠠᠨ ᠳᠦᠰᠦᠪᠯᠡᠵᠦ᠂ ᠤᠶᠠᠵᠦ ᠪᠠᠶᠢᠭ᠎ᠠ ᠮᠤᠷᠢᠨ ᠤ ᠪᠠᠨ ᠪᠠᠶᠢᠭᠠᠯᠢᠯᠢᠭ ᠴᠢᠨᠡᠷ ᠲᠤ ᠳᠤᠬᠢᠷᠠᠭᠤᠯᠵᠦ᠂ ᠠᠵᠢᠡᠡᠯᠠᠯᠳᠠ ᠬᠢᠵᠦ᠂ ᠶᠠᠭᠤ ᠳᠤᠳᠠᠭᠳᠠᠵᠦ ᠪᠠᠶᠢᠪᠠᠯ ᠶᠠᠭᠤ ᠶᠢ ᠨᠦᠬᠦᠪᠦᠷᠢᠯᠡᠬᠦ ᠵᠢᠮ᠎ᠠ ᠪᠠᠷ ᠨᠠᠷᠡ ᠳᠤᠳᠠᠭᠳᠠᠵᠦ ᠪᠠᠶᠢᠪᠠᠯ ᠦᠳᠡ ᠶᠢᠨ ᠬᠤᠶᠢᠨᠡᠬᠢ ᠬᠠᠯᠠᠭᠤᠨ ᠨᠠᠷᠡᠨ ᠳᠤ ᠴᠠᠭ ᠬᠢᠷᠢᠳᠡᠢ ᠤᠶᠠᠵᠦ᠂ ᠬᠤᠷ᠎ᠠ ᠳᠤᠳᠠᠭᠳᠠᠵᠦ ᠪᠠᠶᠢᠪᠠᠯ ᠤᠷᠦ᠋ᠢᠬᠠᠨ ᠰᠡᠷᠢᠬᠦᠦ ᠤᠷᠤᠬᠤ ᠶᠢᠨ ᠦᠶ᠎ᠠ ᠪᠠᠷ ᠮᠤᠷᠢᠨ ᠤ ᠬᠤᠨᠳᠤᠯᠠᠢ ᠳᠡᠬᠡᠬᠦᠷ ᠤᠰᠤ ᠰᠦᠷᠴᠢᠳᠡᠭ᠃ ᠪᠢ ᠡᠳᠦᠢ ᠵᠢᠯ ᠮᠤᠷᠢ ᠡᠳ᠋ᠯᠡᠬᠡᠳ ᠡᠪᠦᠯ ᠤᠨ ᠴᠠᠭ ᠪᠤᠷᠳᠤᠭ᠎ᠠ ᠢᠳᠡᠬᠦᠯᠬᠦ ᠶᠡᠭᠡ ᠮᠠᠭᠤ ᠬᠡᠳᠡᠭ ᠢ ᠮᠡᠳᠡᠭᠰᠡᠨ᠂ ᠳᠡᠷᠡ ᠴᠢᠨᠢ ᠬᠠᠯᠠᠭᠤᠨ ᠰᠠᠭᠤᠨ᠎ᠠ᠂ ᠠᠮᠢᠰᠬᠤᠭ᠎ᠠ ᠨᠢ ᠶᠡᠬᠡᠳᠡᠨ᠎ᠠ᠂ ᠬᠦᠳᠡᠯᠬᠡᠨ ᠳᠤᠳᠠᠭᠳᠠᠳᠠᠭ ᠶᠤᠮ ᠪᠢᠯᠡ᠃ ᠳᠡᠬᠡᠬᠡᠳ ᠮᠤᠷᠢ ᠪᠠᠨ ᠢᠳᠡᠰᠢᠯᠡᠬᠦᠯᠬᠦ ᠳᠤ ᠴᠠᠭ ᠢᠶᠠᠷ ᠪᠢᠰᠢ ᠮᠢᠨᠦ᠋ᠲ ᠢᠶᠠᠷ ᠬᠡᠮᠵᠢᠶᠡᠯᠡᠵᠦ᠂ ᠶᠠᠮᠠᠷ ᠳᠦᠷᠦᠯ ᠤᠨ ᠡᠪᠡᠰᠦ ᠢᠳᠡᠬᠦᠯᠬᠦ᠂ ᠬᠡᠳᠦᠨ ᠴᠠᠭ ᠲᠤ ᠤᠰᠤᠯᠠᠬᠤ᠂ ᠬᠡᠳᠦᠢ ᠤᠤᠭᠤᠯᠭᠠᠬᠤ᠂ ᠰᠦᠨᠢ ᠤᠷᠤᠢ ᠳᠠᠭᠠᠨ ᠴᠤ ᠠᠳᠤᠭᠤ ᠪᠠᠨ ᠮᠠᠨᠠᠵᠦ ᠬᠠᠷᠡᠵᠦ᠂ ᠦᠷ ᠤᠨ ᠴᠢᠬᠢᠭ ᠠᠴᠠ ᠰᠡᠷᠬᠡᠶᠢᠯᠡᠬᠦ ᠬᠡᠬᠦᠴᠢᠯᠡᠨ ᠤᠯᠠᠨ ᠵᠦᠢᠯ ᠪᠠᠶᠢᠨ᠎ᠠ ᠡ ᠬᠡᠳ ᠠᠴᠢᠳᠦ ᠠᠳᠤᠭᠤ ᠪᠠᠨ ᠬᠤᠷᠢᠶᠡᠬᠤ ᠪᠠᠷ ᠶᠠᠪᠤᠯ᠎ᠠ᠃

ᠬᠤᠳᠳᠤᠭ ᠤᠨ ᠳᠡᠷᠬᠡᠳᠡ ᠠᠴᠢᠳᠦ ᠶᠢᠨ ᠪᠦᠰᠡᠬᠦᠢ ᠰᠠᠷᠠᠨᠳᠤᠩᠭᠠᠯᠠᠭ ᠭᠤᠸᠠᠢ ᠲᠠᠢ ᠶᠡᠷᠢᠵᠦ ᠰᠠᠭᠤᠪᠠ᠃

— ᠲᠠᠨ ᠤ ᠬᠢᠨ ᠪᠦᠷ ᠠᠳᠤᠭᠤᠨ ᠳᠤ ᠬᠠᠶᠢᠷᠡᠳᠡᠢ ᠶᠤᠮ ᠪᠢᠵᠡ︖

— ᠨᠦᠬᠦᠷ ᠮᠠᠨᠢ ᠮᠤᠷᠢᠨ ᠳᠤ ᠬᠤᠷᠤᠬᠠᠢ ᠲᠠᠢ᠂ ᠪᠢ ᠳᠤᠷ᠎ᠠ ᠦᠬᠡᠢ ᠬᠡᠳ ᠳᠤᠮᠪᠤᠶᠢᠭᠠᠳ ᠰᠠᠭᠤᠬᠤ ᠶᠤᠮ ᠪᠤᠯ ᠵᠦᠭ ᠭᠠᠷᠦᠨ᠎ᠠ ᠤᠤ ᠳ᠋ᠠ᠃ ᠠᠪᠤ ᠨᠢ ᠠᠳᠤᠭᠤ ᠠᠳᠤᠭᠤ ᠬᠡᠳ ᠬᠤᠶᠢᠨ᠎ᠠ ᠠᠴᠠ ᠨᠢ ᠤᠷᠤᠴᠢᠬᠠᠬᠤ ᠪᠠᠷ ᠬᠤᠶᠡᠷ ᠬᠡᠦᠬᠡᠳ ᠮᠠᠨᠢ ᠴᠤ ᠬᠡᠢ ᠲᠠᠢ ᠪᠤᠯᠴᠢᠬᠠᠳᠠᠭ ᠶᠤᠮ ᠪᠠᠶᠢᠨ᠎ᠠ᠃ ᠨᠢᠬᠡ ᠨᠢᠬᠡᠨ ᠢᠶᠠᠨ ᠰᠠᠳᠬᠢᠯ ᠢᠳᠡᠬᠡᠯ ᠢᠶᠠᠷ ᠳᠡᠮᠵᠢᠵᠦ ᠪᠠᠶᠢᠬᠤ ᠳᠤ ᠯᠡ ᠠᠶᠢᠯ ᠬᠡᠷ ᠦᠬᠡᠳᠡᠯᠡᠵᠦ ᠪᠠᠳᠠᠷᠠᠳᠠᠭ᠃ ᠳᠡᠷᠡ ᠪᠠᠶᠢᠳᠤᠭᠠᠢ ᠪᠠᠷᠠᠭᠤᠨ ᠦᠵᠦᠮᠦᠴᠢᠨ ᠤ ᠰᠠᠶᠢᠨ ᠤᠶᠠᠭᠠᠴᠢ ᠶᠢᠨ ᠨᠢᠬᠡ ᠪᠤᠯᠬᠤ ᠪᠠᠭᠠᠳᠤᠷ ᠬᠡᠵᠦ ᠮᠠᠨ ᠤ ᠬᠤᠳᠠ ᠪᠤᠯᠳᠠᠭ ᠶᠤᠮ᠂ ᠬᠦᠷᠬᠡᠨ ᠪᠠᠰᠠ ᠤᠶᠠᠭᠠᠴᠢ (ᠢᠨᠢᠶᠡᠪᠡ)ᠰᠢᠦ᠃ ᠪᠤᠳᠤᠪᠠᠯ ᠬᠤᠪᠢ ᠳᠠᠪᠢᠯᠠᠩ᠃ ᠶᠠᠭᠤ ᠴᠤ ᠬᠡᠰᠡᠨ ᠳᠡᠭᠷᠢᠯᠢᠭ ᠠᠮᠢᠳᠠᠨ ᠤ ᠬᠡᠰᠢᠭ ᠬᠡᠶᠢᠮᠦᠷᠢ ᠠᠶᠢᠯ ᠬᠡᠷ ᠢ ᠮᠠᠨᠢ ᠦᠬᠡᠳᠡ ᠨᠢ ᠳᠠᠳᠠᠵᠦ ᠶᠠᠪᠤᠭ᠎ᠠ ᠳ᠋ᠠ ᠬᠡᠳ ᠤᠡᠭᠭᠤᠴᠠᠨ ᠳᠠᠭᠠᠨ ᠤᠰᠤ ᠳᠦᠬᠦᠷᠬᠡᠨ᠎ᠠ᠃ ᠡᠳᠡᠨ ᠤ ᠬᠢᠨ ᠤ ᠤᠷᠤᠰᠢᠨ ᠰᠠᠭᠤᠭᠰᠠᠨ ᠰᠢᠯᠢ ᠶᠢᠨ ᠬᠤᠳᠠ ᠶᠢᠨ ᠴᠤᠬᠠᠠᠭᠤᠯᠠ ᠰᠤᠮᠤ ᠶᠢᠨ ᠪᠤᠯᠠᠭ ᠭᠠᠴᠠᠭ᠎ᠠ ᠨᠢ ᠬᠡᠳᠦ᠋ᠢᠪᠡᠷ ᠪᠡᠯᠴᠢᠬᠡᠷ ᠪᠠᠭ᠎ᠠ ᠲᠠᠢ ᠴᠤ ᠤᠮᠤᠭᠯᠠᠩ ᠠᠳᠤᠭᠤᠳ ᠳᠠᠪᠬᠢᠬᠤ ᠪᠠᠷ ᠠᠭᠤᠵᠢᠮ ᠳᠡᠨᠢᠬᠦᠨ ᠰᠠᠨᠠᠭᠳᠠᠬᠤ ᠶᠤᠮ᠃

ᠬᠢᠨᠭ᠍ᠭᠤᠤ ᠶᠢᠨ ᠳᠠᠭᠤᠨ ᠢᠶᠠᠷ ᠬᠡᠯᠡ ᠳᠤ ᠤᠷᠤᠵᠦ᠂ ᠭᠠᠩ ᠳᠦᠷᠦᠬᠡᠨ᠎ᠠ ᠬᠦᠯ ᠳᠤ ᠤᠷᠤᠭᠰᠠᠨ᠂ ᠬᠢᠷᠠᠬᠠᠢ ᠨᠢᠳᠦ ᠪᠠᠷ ᠢᠶᠠᠨ ᠬᠦᠯᠦᠭ ᠰᠢᠨᠵᠢᠵᠦ᠂ ᠬᠠᠰᠢᠷ ᠤᠶᠠᠭᠠᠴᠢ ᠶᠢᠨ ᠭᠠᠯ ᠳᠤ ᠪᠠᠭᠳᠠᠭᠰᠠᠨ ᠠᠴᠢᠳᠦ ᠭᠤᠸᠠᠢ ᠰᠦᠷᠦᠭ ᠠᠳᠤᠭᠤ ᠪᠠᠨ ᠡᠷᠬᠢᠬᠦᠯᠵᠦ ᠨᠠᠭᠠᠰᠢᠯᠡᠨ᠎ᠠ᠃ ᠤᠶᠠᠭᠠᠴᠢ ᠬᠦᠯᠦᠭ ᠬᠤᠶᠡᠷ ᠤᠨᠴᠠ ᠶᠢᠨ ᠬᠡᠷᠡᠯ ᠲᠠᠢ ᠬᠠᠷᠠᠭᠳᠠᠨ᠎ᠠ᠃ ᠮᠠᠩᠨᠠᠢ ᠳᠠᠭᠠᠨ ᠳᠤᠭᠤᠰᠦ ᠦᠬᠡᠢ ᠠᠵᠢᠨᠠᠢ ᠪᠠᠷ ᠢᠶᠠᠨ ᠮᠠᠩᠨᠤᠭ ᠨᠤᠳᠤᠭ ᠢᠶᠠᠨ ᠦᠷᠬᠦᠯᠵᠢ ᠪᠠᠶᠠᠰᠬᠠᠬᠤ ᠪᠤᠯᠳᠤᠭᠠᠢ᠃


ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ