37eece19-29d5-4345-aab7-ea05467c1847.jpg

6 ᠰᠠᠷ᠎ᠠ ᠶᠢᠨ  29 ᠤ  ᠦᠳᠡ ᠶᠢᠨ  ᠬᠤᠶᠢᠨ᠎ᠠ᠂  ᠳᠤᠮᠳᠠᠳᠤ  ᠤᠯᠤᠰ  · ᠦᠪᠦᠷ ᠮᠤᠩᠭᠤᠯ  ᠤᠨ ᠮᠤᠷᠢᠨ‌ᠤᠷᠤᠯᠳᠤᠭᠠᠨ ᠵᠢᠴᠢ ᠵᠢᠷᠭᠤᠳᠤᠭᠠᠷ ᠬᠤᠭᠤᠴᠠᠭᠠᠨ ᠤ ᠦᠪᠦᠷ ᠮᠤᠩᠭᠤᠯ ᠤᠨ ᠤᠯᠠᠨ ᠤᠯᠤᠰ ᠤᠨ ᠮᠤᠷᠢᠨ ᠮᠡᠷᠭᠡᠵᠢᠯ ᠤᠨ  ᠨᠠᠶᠢᠷ‌‍ ᠬᠦ᠋ᠬᠡᠬᠤᠳᠠ ᠶᠢᠨ ᠬᠦᠬᠡᠳᠠᠯ᠎ᠠ ᠲᠠᠬᠢ ᠦᠪᠦᠷ ᠮᠤᠩᠭᠤᠯ ᠤᠨ ᠴᠦᠬᠡᠨ ᠳᠤᠭᠠᠳᠤ ᠦᠨᠳᠦᠰᠦᠲᠡᠨ ᠤ ᠤᠯᠠᠨ  ᠲᠦᠮᠡᠨᠴᠢ  ᠰᠤᠶᠤᠯ‌‍ᠲ᠋ᠠᠮᠢᠷ ᠤᠨ ᠬᠦᠳᠡᠯᠭᠡᠭᠡᠨ ᠤ ᠲᠦᠪ ᠲᠤ ᠦᠪᠡᠳᠡᠭᠰᠢ ᠶᠡᠭᠡ ᠪᠠᠷ ᠡᠬᠢᠯᠡᠪᠡ᠃ ᠡᠨᠡ ᠨᠢ ᠪᠠᠰᠠ ᠬᠤᠶᠠᠳᠤᠭᠠᠷ  ᠬᠤᠭᠤᠴᠠᠭᠠᠨ  ‍ᠤ‌‍ᠲ᠋ᠤᠮᠳᠠᠳᠤ ᠤᠯᠤᠰ ᠤᠨ ᠠᠳᠤᠭᠤᠨ ᠰᠤᠶᠤᠯ ᠤᠨ ᠨᠠᠶᠢᠷ ᠵᠢᠴᠢ ᠠᠩᠬᠠᠳᠤᠭᠠᠷ ᠬᠤᠭᠤᠴᠠᠭᠠᠨ ᠤ ᠦᠪᠦᠷ ᠮᠤᠩᠭᠤᠯ  ᠤᠨ ᠤᠯᠠᠨ‌ᠤᠯᠤᠰ ᠤᠨ ᠠᠳᠤᠭᠤᠨ ᠰᠤᠶᠤᠯ ᠤᠨ ᠴᠤᠭᠯᠠᠭᠠᠨ ᠬᠦᠰᠢᠭᠡ ᠪᠠᠨ ᠢᠷᠠᠭᠰᠠᠨ ᠢ ᠬᠠᠷᠠᠭᠤᠯᠵᠤ ᠪᠠᠶᠢᠭ᠎ᠠ ᠶᠤᠮ᠃

ᠳᠤᠮᠳᠠᠳᠤ ᠤᠯᠤᠰ · ᠦᠪᠦᠷ ᠮᠤᠩᠭᠤᠯ ᠤᠨ ᠮᠤᠷᠢᠨ ᠤᠷᠤᠯᠳᠤᠭᠠᠨ ᠵᠢᠴᠢ ᠵᠢᠷᠭᠤᠳᠤᠭᠠᠷ ᠬᠤᠭᠤᠴᠠᠭᠠᠨ ᠤ ᠦᠪᠦᠷ‌ ᠮᠤᠩᠭᠤᠯ ᠤᠨ ᠤᠯᠠᠨ ᠤᠯᠤᠰ ᠤᠨ ᠮᠤᠷᠢᠨ ᠮᠡᠷᠭᠡᠵᠢᠯ ᠤᠨ ᠨᠠᠶᠢᠷ ᠢ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠵᠢᠨ‌ ᠤᠬᠠᠭᠤᠯᠬᠤ ᠬᠡᠯᠳᠡᠰ᠂ ᠦᠪᠡᠷᠳᠡᠭᠡᠨ ᠵᠠᠰᠠᠬᠤ ᠤᠷᠤᠨ ᠤ ᠰᠤᠶᠤᠯ ᠪᠠ ᠵᠢᠭᠤᠯᠴᠢᠯᠠᠯ  ᠤᠨ ᠲᠢᠩᠬᠢᠮ᠂ ᠦᠪᠡᠷᠳᠡᠭᠡᠨ  ᠵᠠᠰᠠᠬᠤ‌ ᠤᠷᠤᠨ ᠤ ᠪᠡᠶ᠎ᠡ ᠶᠢᠨ ᠳᠠᠮᠢᠷ ᠤᠨ ᠲᠤᠪᠴᠢᠶ᠎ᠠ ᠪᠤᠯᠤᠨ ᠬᠦᠬᠡᠬᠤᠳᠠ ᠶᠢᠨ ᠵᠠᠰᠠᠭ ᠤᠨ ᠤᠷᠳᠤᠨ ᠠᠴᠠ ᠭᠤᠤᠯᠯᠠᠨ  ᠡᠷᠭᠢᠯᠡᠵᠤ᠂ ᠪᠦᠬᠦ ᠤᠯᠤᠰ ᠤᠨ ᠬᠠᠮᠢᠶ᠎ᠠ ᠪᠦᠬᠦᠢ ᠮᠤᠵᠢ ᠤᠷᠤᠨ  ᠤ ᠨᠠᠮ ᠤᠨ ᠬᠤᠷᠢᠶ᠎ᠠ ᠶᠢᠨ ᠤᠬᠠᠭᠤᠯᠬᠤ  ᠬᠡᠯᠳᠡᠰ᠂  ᠰᠤᠶᠤᠯ ᠪᠠ‌ ᠵᠢᠭᠤᠯᠴᠢᠯᠠᠯ ᠤᠨ ᠲᠢᠩᠬᠢᠮ᠂ ᠪᠡᠶ᠎ᠡ ᠶᠢᠨ ᠳᠠᠮᠢᠷ ᠤᠨ ᠳᠤᠪᠴᠢᠶ᠎ᠠ᠂ ᠮᠤᠷᠢᠨ ᠮᠡᠷᠭᠡᠵᠢᠯ ᠤᠨ ᠨᠡᠶᠢᠬᠡᠮᠯᠢᠭ  ᠤᠨ ᠬᠠᠷᠢᠭᠤᠴᠠᠯᠭᠠᠳᠠᠨ‌‍ ᠬᠢᠬᠡᠳ ᠬᠦᠬᠡᠬᠤᠳᠠ ᠶᠢᠨ ᠦᠨᠳᠦᠰᠦᠲᠡᠨ ᠨᠦᠭᠦᠳ ᠤᠨ ᠺᠠᠳ᠋ᠷ ᠤᠯᠠᠨ  ᠲᠦᠮᠡᠨ  6000  ᠭᠠᠷᠤᠢ ᠬᠦᠮᠦᠨ  ᠤᠷᠤᠯᠳᠤᠭᠠᠨ‌ ᠡᠬᠢᠯᠡᠬᠦ ᠶᠤᠰᠤᠯᠠᠯ ᠳᠤ ᠤᠷᠤᠯᠴᠠᠪᠠ᠃

ᠶᠤᠰᠤᠯᠠᠯ ᠳᠡᠭᠡᠷ᠎ᠡ᠂ ᠤᠤᠮᠧᠨ ᠤ ᠤᠷᠤᠯᠳᠤᠭᠠᠨ ᠮᠤᠷᠢᠨ ᠤ ᠨᠡᠶᠢᠬᠡᠮᠯᠢᠭ᠂ ᠲᠦᠪᠡᠳ  ᠤᠨ  ᠮᠤᠷᠢᠨ  ᠮᠡᠷᠭᠡᠵᠢᠯ  ‍ᠤᠨ‌ᠨᠡᠶᠢᠬᠡᠮᠯᠢᠭ᠂ ᠱᠠᠩᠬᠠᠢ ᠶᠢᠨ ᠮᠤᠷᠢᠨ ᠮᠡᠷᠭᠡᠵᠢᠯ ᠤᠨ ᠨᠡᠶᠢᠬᠡᠮᠯᠢᠭ ᠵᠡᠷᠭᠡ 20 ᠭᠠᠷᠤᠢ ᠨᠢᠭᠡᠴᠢ ᠪᠠᠶᠠᠷ ᠤᠨ  ᠵᠠᠬᠢᠳᠠᠯ ᠢᠷᠡᠭᠦᠯᠵᠤ᠂ ᠠᠬᠤᠢ ᠳᠠᠯᠠᠪᠠᠢ ᠲᠤ ᠳᠤᠮᠳᠠᠳᠤ ᠤᠯᠤᠰ ᠤᠨ ᠮᠤᠷᠢᠨ ᠮᠡᠷᠭᠡᠵᠢᠯ ᠤᠨ ᠨᠡᠶᠢᠬᠡᠮᠯᠢᠭ᠂ ᠳᠤᠮᠳᠠᠳᠤ ᠤᠯᠤᠰ ᠤᠨ ᠠᠳᠤᠭᠤᠨ  ᠦᠢᠯᠡᠰ‌‍ᠤᠨ ᠨᠡᠶᠢᠬᠡᠮᠯᠢᠭ ᠬᠢᠬᠡᠳ ᠰᠢᠶᠠᠩᠭᠠᠩ ᠤᠨ ᠠᠳᠤᠭᠤᠨ ᠤ ᠨᠠᠶᠢᠬᠡᠮᠯᠢᠭ ᠠᠴᠠ ᠢᠷᠡᠭᠦᠯᠦᠭᠰᠡᠨ ᠪᠠᠶᠠᠷ ᠤᠨ ᠵᠠᠬᠢᠳᠠᠯ ᠢ ᠤᠩᠰᠢᠬᠤ ᠵᠢᠨ‌ᠬᠠᠮᠳᠤ ᠠᠯᠳᠠᠷᠳᠤ ᠺᠢᠨᠣ᠋ ᠤᠳᠤᠷᠢᠳᠤᠭᠠᠴᠢ᠂ ᠲᠤᠬᠯᠠᠬᠴᠢ ᠦ᠋ ᠵᠢᠩ ᠠᠪᠤᠭᠠᠢ ᠳᠤ ᠳᠤᠮᠳᠠᠳᠤ ᠤᠯᠤᠰ ᠤᠨ ᠤᠯᠠᠨ ᠤᠯᠤᠰ  ‍ᠤᠨ‌ ᠠᠳᠤᠭᠤᠨ ᠰᠤᠶᠤᠯ ᠤᠨ ᠴᠤᠭᠯᠠᠭᠠᠨ ᠤ ᠲᠦᠷᠢ ᠲᠦᠷᠬᠦ ᠶᠢᠨ ᠡᠯᠴᠢ ᠶᠢᠨ ᠦᠨᠡᠮᠯᠡᠯ ᠢ ᠭᠠᠷᠳᠠᠭᠤᠯᠪᠠ᠃

ᠶᠤᠰᠤᠯᠠᠯ ᠤᠨ ᠳᠠᠷᠠᠭ᠎ᠠ ᠴᠡᠪᠡᠷ ᠴᠢᠰᠦᠨ ᠤ ᠪᠦᠳᠦᠭᠦᠨ ᠮᠤᠷᠢᠨ ᠤ 1000 ᠮᠧᠲᠷ᠂ 2750 ᠮᠧᠲᠷ  ᠤᠨ ᠢᠯᠡ‌ᠤᠷᠤᠯᠳᠤᠭᠠᠨ᠂ ᠴᠡᠪᠡᠷ ᠴᠢᠰᠦᠨ ᠤ ᠳᠠᠭ᠎ᠠ ᠶᠢᠨ 1000 ᠮᠧᠲᠷ ᠤᠨ ᠢᠯᠡ ᠤᠷᠤᠯᠳᠤᠭᠠᠨ᠂  ᠴᠡᠪᠡᠷ  ᠴᠢᠰᠦᠨ  ᠤ ᠦᠷᠢᠶ᠎ᠡ‌ ᠮᠤᠷᠢᠨ ᠤ 1000 ᠮᠧᠲᠷ ᠤᠨ ᠢᠯᠡ ᠤᠷᠤᠯᠳᠤᠭᠠᠨ ᠵᠡᠷᠭᠡ 4 ᠳᠠᠯᠠᠪᠠᠢ ᠤᠷᠤᠯᠳᠤᠭᠠᠨ ᠶᠠᠪᠤᠭᠳᠠᠪᠠ᠃

ᠤᠳᠤᠬᠠᠨ ᠳᠤ ᠦᠪᠦᠷ ᠮᠤᠩᠭᠤᠯ ᠤᠨ ᠠᠳᠤᠭᠤᠨ ᠤ ᠳᠤᠭ᠎ᠠ ᠪᠦᠬᠦ ᠤᠯᠤᠰ ᠲᠤ ᠲᠦᠷᠦᠭᠦᠯᠡᠡ 93.5  ᠲᠦᠮᠡ ᠳ᠋ᠤ᠋‌‍ᠬᠦ᠋ᠷᠴᠤ᠂ ᠪᠦᠬᠦ ᠤᠯᠤᠰ ᠤᠨ ᠠᠳᠤᠭᠤᠨ ᠤ ᠶᠡᠷᠦᠩᠬᠡᠢ ᠳᠤᠭ᠎ᠠ ᠶᠢᠨ 15.6% ᠶᠢ  ᠡᠵᠡᠯᠡᠵᠤ᠂  ᠠᠳᠤᠭᠤ  ᠠᠷᠠᠴᠢᠯᠠᠭ᠎ᠠ᠂ᠠᠳᠤᠭᠤ ᠳᠡᠵᠢᠭᠡᠬᠦ᠂ ᠮᠤᠷᠢᠨ ᠤᠷᠤᠯᠳᠤᠭᠠᠨ᠂ ᠰᠤᠶᠤᠯ ᠵᠢᠭᠤᠯᠴᠢᠯᠠᠯ ᠵᠡᠷᠭᠡ ᠶᠢ ᠪᠠᠭᠳᠠᠭᠠᠭᠰᠠᠨ ᠬᠠᠷᠢᠴᠠᠩᠭᠤᠢ ᠪᠦᠷᠢᠨ ᠪᠦᠳᠦᠨ‌ ᠠᠳᠤᠭᠤᠨ ᠤ ᠠᠵᠤ ᠦᠢᠯᠡᠰ ᠤᠨ ᠬᠡᠯᠬᠢᠶ᠎ᠡ ᠶᠢ ᠪᠦᠷᠢᠯᠳᠦᠭᠦᠯᠦᠭᠰᠡᠨ ᠪᠠᠶᠢᠨ᠎ᠠ᠃

29 ᠤ ᠦᠳᠡ ᠶᠢᠨ ᠬᠤᠶᠢᠨᠠᠬᠢ 4 ᠲᠠᠯᠠᠪᠠᠢ ᠤᠷᠤᠯᠳᠤᠭᠠᠨ  ᠳᠤ ᠴᠡᠪᠡᠷ ᠴᠢᠰᠤᠨ ᠤ ᠠᠳᠠᠯᠢ ᠪᠤᠰᠤ ᠨᠠᠰᠤᠨ ᠤ 36ᠮᠤᠷᠢ ᠬᠤᠷᠳᠤ ᠰᠢᠯᠭᠠᠨ᠂ ᠲᠦᠷᠦᠭᠦᠦ ᠲᠠᠯᠠᠪᠠᠢ ᠤᠷᠤᠯᠳᠤᠭᠠᠨ ᠳᠤ  ᠲᠦᠩᠯᠢᠶᠤᠤ  ᠬᠤᠲᠠ  ᠶᠢᠨ  ᠬᠤᠷᠴᠢᠨ  ᠵᠡᠭᠦᠨ ᠭᠠᠷᠤᠨ‌ᠬᠤᠶᠢᠳᠦ ᠬᠤᠰᠢᠭᠤ ᠪᠠᠷ ᠨᠤᠲᠤᠭᠲᠠᠢ ᠮᠤᠩᠭᠤᠯ ᠵᠠᠯᠠᠭᠤ ᠱᠤᠸᠠᠩᠰᠢ ᠶᠢᠨ ᠮᠤᠷᠢ ᠲᠡᠷᠢᠭᠦᠨ ᠳᠤ ᠲᠤᠳᠤᠷᠠᠵᠦ᠂ ᠦᠵᠡᠭᠴᠢ  ᠤᠯᠠᠨ‌‍ᠢᠶ᠋ᠠᠨ ᠪᠠᠶᠠᠰᠬᠠᠯ᠎ᠠ᠃ 《ᠡᠨᠡ ᠤᠷᠤᠯᠳᠤᠭᠠᠨ ᠳᠤ ᠤᠷᠤᠯᠴᠠᠬᠤ ᠶᠢᠨ ᠲᠦᠯᠦᠭᠡ ᠮᠤᠷᠢ ᠪᠠᠨ 4 ᠰᠠᠷ᠎ᠠ ᠭᠠᠷᠤᠢ ᠤᠶᠠᠭᠰᠠᠨ ᠡ᠂ ᠲᠡᠷᠢᠭᠦᠨ ᠳᠤ ᠲᠤᠳᠤᠷᠠᠭᠰᠠᠨ ᠳᠠᠭᠠᠨ ᠲᠤᠩ ᠤᠮᠤᠭᠰᠢᠨ ᠪᠠᠶᠠᠷᠯᠠᠵᠦ ᠪᠠᠶᠢᠨ᠎ᠠ︕》 ᠭᠡᠵᠦ ᠱᠤᠸᠠᠩᠰᠢ ᠰᠡᠳᠬᠢᠯ ᠲᠤᠭᠲᠤᠯᠤᠩᠬᠠᠨ‌‍ᠶᠠᠷᠢᠯ᠎ᠠ᠃

30 ᠤ ᠦᠳᠡ ᠶᠢᠨ ᠬᠤᠶᠢᠨᠠᠬᠢ 14 ᠴᠠᠭ ᠤᠨ ᠦᠶ᠎ᠡ ᠪᠠᠷ ᠴᠡᠪᠡᠷ ᠴᠢᠰᠤᠨ ᠤ ᠪᠦᠳᠦᠭᠦᠨ ᠮᠤᠷᠢᠨ ᠤ  2000ᠮᠧᠲᠷ᠂ 2750 ᠮᠧᠲᠷ ᠤᠨ ᠢᠯᠡ ᠤᠷᠤᠯᠳᠤᠭᠠᠨ᠂ ᠮᠤᠩᠭᠤᠯ ᠮᠤᠷᠢᠨ ᠤ ᠤᠷᠤᠯᠳᠤᠭᠠᠨ ᠵᠡᠷᠭᠡ 8  ᠲᠠᠯᠠᠪᠠᠢ  ᠤᠷᠤᠯᠳᠤᠭᠠᠨ‌‍ᠶᠠᠪᠤᠭᠳᠠᠵᠠᠢ᠃ ᠤᠷᠤᠯᠳᠤᠭᠠᠨ ᠤ ᠠᠬᠤᠢ ᠲᠠᠯᠠᠪᠠᠢ ᠳᠤ ᠬᠤᠷᠴᠢᠨ ᠵᠡᠭᠦᠨ ᠭᠠᠷᠤᠨ  ᠬᠤᠶᠢᠳᠦ  ᠬᠤᠰᠢᠭᠤᠨ  ᠤ 《ᠦᠷᠡᠵᠢᠯ》ᠠᠳᠤᠭᠤᠨ ᠤ ᠦᠢᠯᠡᠰ ᠤᠨ ᠨᠡᠶᠢᠬᠡᠮᠯᠢᠭ ᠤᠨ ᠬᠠᠷᠢᠭᠤᠴᠠᠯᠭᠠᠲᠠᠨ᠂ ᠤᠶᠠᠭᠠᠴᠢᠨ ᠴᠢᠩ ᠹᠦ᠋ ᠪᠢᠳᠡᠨ ᠳᠤ᠄ 《ᠮᠤᠩᠭᠤᠯ ᠮᠤᠷᠢᠨ  ‍ᠤ‌ᠤᠷᠤᠯᠳᠤᠭᠠᠨ ᠳᠤ ᠳ᠋ᠦᠩ ᠰᠡᠴᠡᠨᠴᠤᠭᠳᠦ ᠶᠢᠨ ᠤᠨᠤᠭᠰᠡᠨ ᠮᠤᠷᠢ ᠯᠠᠪᠲᠠᠢ ᠲᠦᠷᠦᠬᠦᠯᠡᠨ᠎ᠡ  ᠭᠡᠰᠡᠨ ᠢᠳᠡᠭᠡᠯ ᠲᠠᠢ  ᠪᠠᠶᠢᠭᠰᠠᠨ᠂ᠦᠨᠡᠭᠡᠷ ᠲᠡᠷᠢᠬᠦᠯᠡᠭᠰᠡᠨ ᠡ 》ᠭᠡᠵᠦ ᠪᠠᠶᠠᠷᠳᠠᠶᠢᠬᠠᠨ ᠬᠡᠯᠡᠨ᠎ᠡ᠃ ᠲᠤᠰ ᠤᠳᠠᠭᠠᠨ ᠤ ᠮᠤᠷᠢᠨ ᠤᠷᠤᠯᠳᠤᠭᠠᠨ  ᠤ  ᠪᠠᠰᠠ ᠨᠢᠭᠡᠨ‌‍ ᠬᠢᠯᠠᠰ ᠴᠡᠭ ᠭᠡᠪᠡᠯ᠂ 1000 ᠮᠧᠲᠷ ᠤᠨ ᠵᠢᠷᠤᠭ᠎ᠠ  ᠮᠤᠷᠢᠨ  ᠤ ᠤᠷᠤᠯᠳᠤᠭᠠᠨ ᠳᠤ ᠤᠲᠤᠭ ᠬᠤᠰᠢᠭᠤ ᠪᠠᠷ ᠨᠤᠲᠤᠭᠲᠠᠢ‌ ᠤᠶᠠᠭᠠᠴᠢᠨ ᠬᠦᠭᠵᠢᠯᠳᠦ ᠶᠢᠨ ᠮᠤᠷᠢ ᠲᠦᠷᠦᠬᠦᠯᠡᠵᠦ᠂ ᠤᠷᠤᠯᠳᠤᠭᠠᠨ ᠤ ᠲᠡᠯᠡᠪᠡᠢ ᠳᠠᠬᠢ ᠵᠠᠭᠤᠴᠢᠯᠠᠭᠤᠷ ᠤᠨ ᠬᠢᠨ ᠤ ᠠᠩᠬᠠᠷᠤᠯ ᠢ ᠰᠤᠷᠢᠨᠵᠢᠨᠳᠡᠪᠡ᠃ ᠲᠡᠷᠡ ᠰᠤᠷᠪᠤᠯᠵᠢᠯᠠᠭ᠎ᠠ ᠬᠦᠯᠢᠶᠡᠬᠦ ᠲᠡᠭᠡᠨ᠄《ᠵᠢᠷᠤᠭ᠎ᠠ ᠮᠤᠷᠢᠨ ᠤ ᠤᠷᠤᠯᠳᠤᠭᠠᠨ ᠳᠤ  ᠮᠡᠷᠭᠡᠵᠢᠯ  ᠦᠨᠳᠦᠷ‌‍ᠱᠠᠭᠠᠷᠳᠠᠭᠳᠠᠬᠤ ᠪᠦᠭᠡᠳ ᠪᠠᠷᠢᠶᠠᠨ ᠤ ᠭᠠᠵᠠᠷ ᠤᠢᠢᠷᠠᠳᠤᠬᠤ ᠲᠤᠳᠤᠮ ᠮᠤᠷᠢᠨ  ᠤ  ᠰᠢᠨᠳᠠᠰᠤ ᠶᠢ  ᠨᠡᠩ  ᠢᠯᠡᠭᠦᠦ ᠰᠢᠯᠭᠠᠳᠠᠭ‌‍ᠪᠤᠯᠬᠤᠷ ᠤᠨᠤᠭᠠᠴᠢᠨ ᠪᠤᠯᠤᠨ ᠮᠤᠷᠢᠨ ᠤ ᠬᠦᠴᠦ ᠠᠷᠭ᠎ᠠ ᠤᠬᠠᠭᠠᠨ ᠨᠢᠭᠡᠳᠬᠦ ᠶᠢ  ᠱᠠᠭᠠᠷᠳᠠᠳᠠᠭ》 ᠭᠡᠵᠦ  ᠤᠷᠤᠯᠳᠤᠭᠠᠨ  ‍ᠤ‌‍ ᠲ᠋ᠤᠷᠰᠢᠯᠭ᠎ᠠ ᠪᠠᠨ ᠬᠤᠪᠢᠶᠠᠯᠴᠠᠪᠡ᠃ 

ᠮᠤᠷᠢ ᠪᠤᠯ ᠮᠤᠩᠭᠤᠯᠴᠤᠳ ᠤᠨ ᠮᠤᠯᠤᠷ  ᠡᠷᠳᠡᠨᠢ᠂  ᠮᠤᠩᠭᠤᠯ  ᠬᠦᠮᠦᠨ  ᠤ ᠳᠠᠶᠢᠴᠢᠨ  ᠬᠠᠨᠢ  ᠭᠡᠳᠡᠭ᠃  ᠲᠤᠰ‌ᠤᠳᠠᠭ᠎ᠠ ᠶᠢᠨ ᠤᠷᠤᠯᠳᠤᠭᠠᠨ ᠦᠪᠦᠷ ᠮᠤᠩᠭᠤᠯ ᠤᠨ ᠮᠤᠷᠢᠨ ᠤᠷᠤᠯᠳᠤᠭᠠᠨ ᠤ ᠰᠢᠨ᠎ᠡ ᠬᠦᠭᠵᠢᠯᠲᠡ ᠶᠢ  ᠠᠬᠢᠭᠤᠯᠵᠦ᠂ ᠮᠤᠷᠢᠨ‌ ᠤᠷᠤᠯᠳᠤᠭᠠᠨ ᠤ ᠲᠦᠷᠦᠯ ᠲᠡᠮᠲᠡᠭ ᠤᠨ ᠦᠨ᠎ᠡ  ᠦᠷᠳᠡᠭ ᠢ ᠳᠡᠭᠡᠭᠰᠢᠯᠡᠭᠦᠯᠬᠦ᠂  ᠤᠷᠤᠨ  ᠨᠤᠲᠤᠭ ᠤᠨ  ᠮᠤᠷᠢᠨ  ᠤ  ᠠᠵᠦ‌ᠦᠢᠯᠡᠰ ᠤᠨ ᠭᠦᠭᠵᠢᠯᠲᠡ ᠶᠢ ᠳᠠᠶᠢᠴᠢᠯᠠᠬᠤ᠂ ᠮᠤᠩᠭᠤᠯ ᠮᠤᠷᠢᠨ ᠤ ᠰᠤᠶᠤᠯ ᠪᠠ  ᠮᠤᠩᠭᠤᠯ ᠮᠤᠷᠢᠨ  ᠤ  ᠵᠤᠷᠢᠭ  ᠰᠠᠨᠠᠭ᠎ᠠ ᠵᠢ‌‍ᠪᠠᠳᠠᠷᠠᠭᠤᠯᠬᠤ ᠳᠤ  ᠲᠦᠢᠯ ᠤᠨ  ᠴᠢᠬᠤᠯᠠ ᠦᠢᠯᠡᠳᠦᠯ  ᠦᠵᠡᠭᠦᠯᠬᠦ ᠨᠢ  ᠳᠠᠮᠵᠢᠭ  ᠦᠭᠡᠢ᠃  ᠢᠷᠡᠭᠦ  4  ᠰᠠᠷ᠎ᠠ   ᠵᠢᠨ‌ᠬᠤᠭᠤᠴᠠᠭᠠᠨ ᠳᠤ ᠬᠦᠬᠡᠬᠤᠲᠠ᠂ ᠰᠢᠯᠢ ᠶᠢᠨ ᠭᠤᠤᠯ ᠠᠶᠢᠮᠠᠭ ᠵᠡᠷᠭᠡ ᠭᠠᠵᠠᠷ ᠲᠤ 2019 ᠤᠨ  ᠤ  《ᠨᠢᠭᠡ  ᠪᠦᠰᠡ  ᠨᠢᠭᠡ‌ ᠵᠠᠮ》 ᠤᠨ ᠳᠤᠮᠳᠠᠳᠤ ᠤᠯᠤᠰ ᠤᠨ ᠬᠤᠷᠳᠤᠨ ᠮᠤᠷᠢᠨ ᠤ ᠢᠯᠡ ᠤᠷᠤᠯᠳᠤᠭᠠᠨ᠂  2019 ᠤᠨ  ᠤ  ᠤᠯᠠᠨ  ᠤᠯᠤᠰ ‍ᠤᠨ‌ᠮᠤᠷᠢᠨ ᠮᠡᠷᠭᠡᠵᠢᠯ ᠤᠨ ᠳᠠᠭᠠᠭᠠᠴᠠ ᠶᠢᠨ ᠤᠷᠤᠯᠳᠤᠭᠠᠨ᠂  ᠪᠦᠬᠦ  ᠤᠯᠤᠰ ᠤᠨ  ᠵᠠᠯᠠᠭᠤᠴᠤᠳ  ᠪᠠᠭᠠᠴᠤᠳ ᠤᠨ  ᠲᠠᠯᠠᠪᠤᠷ ‍ᠤᠨ‌‍ᠰᠠᠭᠠᠳ ᠳᠠᠪᠠᠭ᠋ᠤ ᠮᠠᠩᠯᠠᠢ ᠰᠢᠯᠭᠠᠷᠠᠭᠤᠯᠬᠤ ᠮᠤᠷᠢᠨ ᠤᠷᠤᠯᠳᠤᠭᠠᠨ ᠵᠡᠷᠭᠡ 11 ᠲᠦᠷᠦᠯ ᠤᠨ ᠮᠤᠷᠢᠨ ᠤᠷᠤᠯᠳᠤᠭᠠᠨ ᠡᠷᠬᠢᠯᠡᠵᠦ᠂ᠮᠤᠷᠢᠨ ᠤᠷᠤᠯᠳᠤᠭᠠᠨ ᠢᠶᠠᠷ ᠮᠤᠩᠭᠤᠯ ᠮᠤᠷᠢᠨ ᠤ ᠵᠤᠷᠢᠭ ᠰᠠᠨᠠᠭᠠᠨ ᠤ ᠦᠪᠡᠷᠮᠢᠴᠡ ᠲᠠᠲᠠᠬᠤ ᠬᠦᠴᠦᠨ ᠢ ᠢᠯᠡᠷᠡᠭᠦᠯᠬᠦ ᠪᠠᠷ ᠪᠤᠢ》ᠭᠡᠵᠦ ᠦᠪᠦᠷ ᠮᠤᠩᠭᠤᠯ ᠤᠨ ᠪᠡᠶ᠎ᠡ ᠶᠢᠨ ᠲᠠᠮᠢᠷ ᠤᠨ ᠲᠤᠪᠴᠢᠶ᠎ᠠ ᠶᠢᠨ ᠳᠠᠷᠤᠭ᠎ᠠ ᠲᠠᠨ ᠵᠢᠩ ᠹᠧᠩ ᠶᠠᠷᠢᠵᠦ ᠪᠠᠶᠢᠯ᠎ᠠ᠃

6dbbd99c-3ef9-4073-a08b-e7a8169d3911.jpg

dfeee682-47c4-46ce-93b6-a9d88e982259.jpg

e6082d72-24ec-493f-a383-3b4f4ecc2b79.jpg

3e62ef92-8677-499b-b6f4-cbc1f5fa3d02.jpg

8d97b2ac-dd58-41b3-ac5c-6bd5ad875047.jpg

a40d79f2-3657-480e-96a8-661b002cb8d0.jpg

71f7820b-25fe-4cd6-8b0e-8b82c8487711.jpg

8006a759-0870-4078-9936-193af2212242.jpg

ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ