6 ᠰᠠᠷ᠎ᠠ ᠶᠢᠨ 6 ᠤ ᠡᠳᠦᠷ ᠪᠣᠯ  ᠪᠦᠬᠦ  ᠤᠯᠤᠰ ᠤᠨ  ᠨᠢᠳᠦ ᠪᠠᠨ  ᠬᠠᠶᠢᠷᠠᠯᠠᠬᠤ ᠡᠳᠦᠷ  ᠪᠣᠯᠤᠨ᠎ᠠ᠃ ᠴᠦᠩᠴᠢᠩ ᠤᠨ  ᠠᠨᠠᠭᠠᠬᠤ‌ ᠤᠬᠠᠭᠠᠨ ᠤ ᠶᠡᠭᠡ ᠰᠤᠷᠭᠠᠭᠤᠯᠢ ᠶᠢᠨ ᠬᠠᠷᠢᠶᠠᠲᠤ ᠬᠡᠦᠬᠡᠳ ᠤᠨ ᠡᠮᠨᠡᠯᠭᠡ ᠶᠢᠨ ᠬᠤᠷᠢᠶᠠᠨ ᠤ ᠨᠢᠳᠦᠨ ᠤ ᠰᠠᠯᠠᠭᠠᠨ ᠤ ᠡᠷᠬᠢᠯᠡᠭᠴᠢ ᠫᠢ‌ᠯᠢᠶᠡᠨ ᠬᠤᠩ ᠲᠠᠨᠢᠯᠴᠠᠭᠤᠯᠤᠨ ᠬᠡᠯᠡᠬᠦ ᠳᠡᠭᠡᠨ᠂ ᠤᠶᠢᠷ᠎ᠠ ᠬᠠᠷᠠᠭ᠎ᠠ ᠲᠠᠢ ᠪᠤᠯᠬᠤ ᠨᠢ  ᠵᠣᠬᠢᠬᠤ  ᠭᠡᠷ  ᠪᠦᠯᠢ ᠶᠢᠨ ᠤᠳᠤᠮᠰᠢᠯ ᠡᠴᠠ‌‍ ᠪᠤᠯᠳᠠᠬ᠂ ᠭᠡᠪᠡᠴᠦ ᠵᠠᠮ ᠶᠠᠪᠤᠬᠤ ᠳᠠᠭᠠᠨ ᠦᠷᠬᠦᠯᠵᠢ ᠨᠣᠮ ᠦᠵᠡᠬᠦ᠂ ᠬᠡᠪᠲᠡᠵᠦ ᠪᠠᠶᠢᠭᠠᠳ ᠨᠣᠮ ᠦᠵᠡᠬᠦ᠂ ᠭᠡᠷᠡᠯ ᠨᠢ ᠬᠡᠳᠦ ᠴᠢᠩᠭ᠎ᠠ‌‍ᠪᠤᠶᠤ ᠬᠡᠳᠦ ᠪᠦᠷᠦᠭ ᠣᠷᠴᠢᠨ ᠲᠣᠭᠤᠷᠢᠨ ᠳᠤ ᠰᠤᠷᠤᠯᠴᠠᠬᠤ᠂ ᠣᠷᠳᠣ ᠬᠤᠭᠤᠴᠠᠭ᠎ᠠ ᠪᠠᠷ  ᠡᠯᠧᠺᠲᠷᠤᠨ  ᠳᠡᠯᠭᠡᠴᠡ ᠶᠢ  ᠬᠠᠷᠠᠬᠤ‌ ᠵᠡᠷᠭᠡ ᠨᠢ ᠪᠠᠰᠠ ᠬᠡᠦᠬᠡᠳ ᠤᠨ ᠨᠢᠳᠦ ᠶᠢ ᠠᠮᠠᠷᠬᠠᠨ ᠶᠠᠳᠠᠷᠠᠭᠤᠯᠳᠠᠭ᠂ ᠦᠷᠭᠦᠯᠵᠢ ᠡᠶᠢᠮᠦ ᠪᠠᠶᠢᠳᠠᠯ ᠳᠤ ᠪᠠᠶᠢᠭᠠᠳ ᠪᠠᠶᠢᠪᠠᠯ ᠤᠶᠢᠷ᠎ᠠ‌ ᠬᠠᠷᠠᠭ᠎ᠠ ᠲᠠᠢ ᠪᠣᠯᠭᠠᠳᠠᠭ ᠬᠡᠪᠡ᠃

ᠫᠢ ᠯᠢᠶᠠᠨ ᠬᠤᠩ᠂  ᠬᠡᠦᠬᠡᠳ  ᠶᠠᠭᠤᠮ᠎ᠠ  ᠬᠠᠷᠠᠬᠤ ᠳᠠᠭᠠᠨ  ᠦᠷᠭᠦᠯᠵᠢ ᠨᠢᠳᠦ ᠪᠠᠨ  ᠰᠦᠮᠡᠶᠢᠬᠦ᠂  ᠪᠠᠶᠢᠨ  ᠲᠠᠬᠢᠨ‌ᠨᠢᠳᠦ ᠪᠠᠨ ᠴᠠᠪᠴᠢᠬᠤ᠂ ᠦᠷᠬᠦᠯᠵᠢ ᠨᠢᠳᠦ ᠪᠠᠨ ᠨᠤᠬᠤᠯᠠᠬᠤ᠂ ᠬᠢᠯᠠᠷ ᠬᠠᠷᠠᠬᠤ ᠵᠡᠷᠭᠡ ᠪᠠᠶᠢᠳᠠᠯ ᠭᠠᠷᠬᠤ ᠶᠢ  ᠭᠡᠷ ᠤᠨ ᠠᠬᠠᠮᠠᠳ ᠨᠢ‌ ᠣᠯᠵᠤ ᠮᠡᠳᠡᠪᠡᠯ᠂ ᠬᠡᠦᠬᠡᠳ ᠤᠨ ᠨᠢᠳᠦ ᠨᠢ ᠤᠶᠢᠷ᠎ᠡ ᠬᠠᠷᠠᠭ᠎ᠠ ᠲᠠᠢ ᠪᠤᠯᠤᠬᠰᠠᠨ ᠡᠰᠡᠬᠦ ᠶᠢ ᠰᠡᠷᠡᠮᠵᠢᠯᠡᠨ  ᠪᠠᠶᠢᠴᠠᠭᠠᠯᠭᠠᠬᠤ  ᠬᠡᠷᠡᠭᠲᠡᠶ‌‍ ᠬᠡᠵᠦ ᠰᠠᠨᠠᠭᠤᠯᠵᠠᠢ᠃

ᠬᠡᠦᠬᠡᠳ ᠤᠨ ᠬᠠᠷᠠᠭ᠎ᠠ ᠶᠢ ᠬᠡᠷᠬᠢᠨ  ᠬᠠᠮᠠᠭᠠᠯᠠᠪᠠᠯ  ᠵᠣᠬᠢᠬᠤ  ᠪᠤᠢ︖ 

ᠫᠢ  ᠯᠢᠶᠠᠨ  ᠬᠤᠩ ᠬᠡᠯᠡᠬᠦ ᠳᠡᠭᠡᠨ᠂ ᠡᠩ‌‍ ᠲ᠋ᠡᠷᠢᠬᠦᠨ ᠳᠤ ᠨᠢᠳᠦ ᠪᠠᠨ ᠠᠮᠠᠷᠠᠭᠤᠯᠤᠨ ᠬᠡᠷᠡᠭᠯᠡᠬᠦ ᠶᠢ ᠪᠠᠷᠢᠮᠲᠠᠯᠠᠬᠤ ᠬᠡᠷᠡᠭᠲᠡᠶ᠃ ᠵᠠᠯᠭᠠᠭ᠎ᠠ ᠪᠠᠷ ᠨᠣᠮ ᠦᠵᠡᠵᠦ  ᠥᠰᠥᠭ  ᠪᠢᠴᠢᠬᠦ ᠪᠤᠶᠤ ᠲᠧᠯᠸᠢᠰ ᠦᠵᠡᠬᠦ ᠳᠡᠭᠡᠨ 30 — 40 ᠮᠢᠨᠦ᠋ᠲ  ᠪᠤᠯᠪᠠᠯ  10  —  15  ᠮᠢᠨᠦ᠋ᠲ  ᠠᠮᠠᠷᠠᠭᠤᠯᠬᠤ ᠶᠢᠨ ᠬᠠᠮᠲᠤ‌ ᠬᠤᠯᠠ ᠶᠢ ᠬᠠᠷᠠᠬᠤ ᠬᠡᠷᠡᠭᠲᠡᠶ᠃ ᠣᠳᠣ ᠨᠠᠩ ᠴᠤ ᠬᠡᠦᠬᠡᠳ ᠢ ᠭᠠᠷ  ᠤᠲᠠᠰᠤ᠂ ᠬᠠᠪᠲᠠᠭᠠᠶ  ᠺᠣᠮᠫᠢᠦ᠋ᠲ᠋ᠧᠷ  ᠵᠡᠷᠭᠡ  ᠡᠯᠧᠺᠲᠷᠤᠨ‌ᠦᠢᠯᠡᠳᠬᠦᠨ ᠢ ᠲᠡᠩᠳᠡᠭᠦᠦ ᠶᠡᠭᠡ ᠬᠡᠷᠡᠭᠯᠡᠬᠦᠯᠬᠦ ᠦᠭᠡᠢ ᠪᠠᠶᠢᠬᠤ ᠬᠡᠷᠡᠭᠲᠡᠶ᠃ ᠬᠡᠦᠬᠡᠳ ᠢ ᠲᠡᠭᠰᠢᠭᠡᠨ  ᠰᠠᠭᠤᠯᠭᠠᠵᠤ᠂  ᠰᠤᠷᠤᠯᠴᠠᠬᠤ‌‍ᠶᠠᠪᠤᠴᠠ ᠳᠤᠨᠢ ᠨᠢᠳᠦ  ᠪᠣᠯᠤᠨ  ᠨᠣᠮ ᠢ ᠨᠢ  ᠨᠢᠭᠡ  ᠲᠣᠬᠤᠢ  ᠵᠠᠶ ᠲᠠᠢ  ᠪᠠᠶᠢᠯᠭᠠᠵᠤ᠂  ᠴᠡᠭᠡᠵᠢᠨ  ᠬᠡᠰᠡᠭ  ᠪᠣᠯᠤᠨ  ᠪᠢᠴᠢᠭ ‍ᠤᠨ‌‍ᠰᠢᠷᠡᠭᠡ ᠶᠢ ᠨᠢ ᠨᠢᠭᠡ ᠨᠢᠳᠤᠷᠭ᠎ᠠ ᠶᠢᠨ ᠵᠠᠶ ᠲᠠᠢ ᠪᠠᠶᠢᠯᠭᠠᠬᠤ ᠬᠡᠷᠡᠭᠲᠡᠶ᠃

《ᠶᠡᠭᠡ ᠬᠡᠮᠵᠢᠶᠡᠨ ᠤ ᠰᠤᠳᠤᠯᠭᠠᠨ ᠠᠴᠠ ᠦᠵᠡᠪᠡᠯ᠂ ᠭᠡᠷ ᠤᠨ ᠭᠠᠳᠠᠨᠠᠬᠢ ᠬᠥᠳᠡᠯᠭᠡᠭᠡᠨ ᠨᠢ ᠤᠶᠢᠷ᠎ᠠ  ᠬᠠᠷᠠᠭ᠎ᠠ  ᠡᠭᠦᠰᠴᠦ‌‍ ᠬᠥ᠋ᠭᠵᠢᠬᠦ ᠶᠢ ᠰᠡᠷᠭᠡᠶᠢᠯᠡᠬᠦ ᠳᠤ ᠠᠰᠢᠭᠲᠠᠶ》ᠭᠡᠵᠦ ᠫᠢ ᠯᠢᠶᠠᠨ ᠬᠤᠩ ᠬᠡᠯᠡᠭᠰᠡᠨ ᠢᠶᠠᠨ ᠵᠠᠯᠭᠠᠭᠠᠳ ᠰᠤᠷᠤᠯᠭ᠎ᠠ ᠶᠢᠨ ᠴᠢᠯᠦᠭᠡᠨ ᠳ᠋ᠤᠨᠢ‌‍ ᠬᠡᠦᠬᠡᠳ ᠢ ᠵᠤᠷᠢᠬᠵᠢᠭᠤᠯᠤᠨ ᠭᠡᠷ ᠤᠨ ᠭᠠᠳᠠᠨᠠᠬᠢ ᠬᠥᠳᠡᠯᠭᠡᠭᠡᠨ ᠳᠤ  ᠣᠷᠣᠯᠴᠠᠭᠤᠯᠵᠤ᠂  ᠡᠳᠦᠷ  ᠪᠦᠷᠢ  ᠬᠤᠶᠠᠷ  ᠴᠠᠭ ᠢᠯᠡᠭᠦᠦ‌‍ ᠬᠥ᠋ᠳᠡᠯᠭᠡᠭᠡᠨ ᠬᠢᠯᠭᠡᠬᠦ ᠬᠡᠷᠡᠭᠲᠡᠢ᠃ ᠡᠭᠦᠨ ᠠᠴᠠ ᠭᠠᠳᠠᠨ᠎ᠠ᠂  ᠲᠣᠭᠲᠠᠮᠠᠯ ᠬᠤᠭᠤᠴᠠᠭ᠎ᠠ ᠲᠠᠢ ᠪᠠᠷ ᠬᠠᠷᠠᠭ᠎ᠠ ᠶᠢ ᠨᠢ ᠪᠠᠶᠢᠴᠠᠭᠠᠯᠭᠠᠬᠤ‌‍ ᠬᠡᠷᠡᠭᠲᠡᠶ᠂ ᠬᠠᠷᠠᠭ᠎ᠠ ᠨᠢ ᠮᠠᠭᠤᠳᠠᠬᠰᠠᠨ ᠢ ᠤᠯᠵᠤ ᠮᠡᠳᠡᠪᠡᠯ ᠵᠢᠩᠬᠢᠨᠢ ᠡᠮᠴᠢᠯᠡᠭᠡᠨ ᠤ ᠪᠠᠶᠢᠭᠤᠯᠤᠮᠵᠢ ᠳᠤ ᠬᠦᠷᠴᠦ ᠡᠮᠨᠡᠭᠦᠯᠬᠦ ᠬᠡᠷᠡᠭᠲᠡᠶ᠂ ᠵᠢᠩᠬᠢᠨᠢ ᠪᠤᠰᠤ ᠵᠠᠷ ᠮᠡᠳᠡᠭᠡ ᠶᠢ ᠠᠮᠠᠷᠬᠠᠨ ᠢᠲᠡᠭᠡᠵᠦ ᠪᠣᠯᠬᠤ ᠦᠭᠡᠢ ᠬᠡᠵᠦ ᠬᠡᠯᠡᠪᠡ᠃


ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ