2.jpeg

ᠮᠠᠰᠢᠨ ᠲᠡᠷᠭᠡᠨ ᠤ ᠬᠦᠳᠡᠯᠭᠡᠭᠦᠷ ᠤᠨ ᠨᠦᠰᠡᠷ ᠲᠠᠭᠤᠨ 《ᠲᠠᠯ᠎ᠠ ᠨᠤᠲᠤᠭ ᠤᠨ ᠵᠤᠰᠠᠯᠠᠩ ᠤᠨ ᠲᠦᠪ — ᠤᠯᠠᠭᠠᠨᠴᠠᠪ》  ᠤᠨ ᠨᠡᠮ ᠵᠢᠮ ᠢ ᠡᠪᠳᠠᠯ᠎ᠠ︕ 6 ᠰᠠᠷ᠎ᠠ ᠶᠢᠨ 24 ᠤ ᠡᠳᠤᠷ ᠠᠴᠠ 25 ᠤ ᠡᠳᠤᠷ ᠪᠤᠯᠲᠠᠯ᠎ᠠ᠂ 2019 ᠤᠨ ᠤ ᠲᠤᠮᠳᠠᠳᠦ ᠮᠤᠩᠭᠤᠯ ᠤᠷᠤᠰ (ᠤᠯᠠᠨ ᠤᠯᠤᠰ ᠤᠨ) ᠤᠨ ᠬᠡᠬᠡᠷᠡᠯᠡᠬᠦ ᠮᠠᠰᠢᠨ ᠤ ᠲᠡᠰᠭᠡᠯ ᠤᠷᠤᠯᠳᠤᠭᠠᠨ ᠤ ᠲᠤᠭᠳᠠᠭᠰᠠᠨ ᠲᠠᠯᠠᠪᠠᠢ ᠶᠢᠨ ᠤᠷᠤᠯᠳᠤᠭᠠᠨ ᠤᠯᠠᠭᠠᠨᠴᠠᠪ ᠬᠤᠲᠠ ᠶᠢᠨ ᠵᠢᠨᠢᠩ ᠲᠤᠭᠤᠷᠢᠭ ᠲᠤ ᠶᠠᠪᠤᠭᠳᠠᠵᠤ᠂ ᠪᠦᠬᠦ ᠤᠯᠤᠰ ᠤᠨ ᠡᠯ᠎ᠠ ᠭᠠᠵᠠᠷ ᠪᠠ ᠮᠤᠩᠭᠤᠯ᠂ ᠤᠷᠤᠰ ᠠᠴᠠ ᠬᠦᠷᠦᠯᠴᠡᠨ ᠢᠷᠡᠭᠰᠡᠨ 200 ᠭᠠᠷᠤᠢ ᠮᠠᠰᠢᠨ ᠲᠡᠷᠭᠡ ᠮᠤᠲ᠋ᠤᠷ ᠲᠡᠷᠭᠡᠨ ᠤ ᠤᠷᠤᠯᠳᠤᠭᠴᠢ ᠤᠷ᠎ᠠ ᠠᠪᠢᠶᠠᠰ ᠢᠶᠠᠨ ᠪᠠᠳᠠᠷᠠᠭᠤᠯᠪᠠ᠃

ᠬᠤᠷᠴᠠ ᠰᠢᠷᠦᠭᠦᠨ ᠤᠷᠤᠯᠳᠤᠭᠠᠨ ᠢᠶᠠᠷ ᠲᠠᠮᠵᠢᠨ᠂ ᠾᠧᠨᠠᠨ ᠤ ᠳ᠋ᠠ ᠰᠧᠨ ᠮᠠᠰᠢᠨ ᠴᠠᠬᠢᠯᠭᠠᠨ ᠲᠡᠷᠭᠡᠨ ᠤ ᠠᠩᠬᠢ ᠶᠢᠨ ᠬᠦ᠋ ᡁᠢ ᠵᠢᠶᠠᠨ ᠲᠤᠰᠬᠠᠢ ᠮᠡᠷᠭᠡᠵᠢᠯ ᠤᠨ ᠦᠭᠡᠷᠡᠴᠢᠯᠡᠨ ᠲᠤᠨᠤᠭᠯᠠᠬᠤ ᠲᠡᠷᠭᠡᠨ ᠤ ᠲᠤᠭᠤᠢᠢᠯᠠᠩ ᠤᠨ ᠲᠠᠷᠢᠭᠦᠨ ᠳᠤ ᠲᠤᠳᠤᠷᠠᠵᠤ᠂ ᠱᠠ ᠰᠢ ᠲᠤᠷᠬᠢᠯᠲᠡ ᠨᠠᠮᠳᠠᠭᠤᠯᠤᠭᠴᠢ ᠲᠡᠷᠭᠡᠨ ᠤ ᠠᠩᠬᠢ ᠶᠢᠨ ᠸᠠᠩ ᠬᠤᠨᠭ᠌ ᠵᠢᠶᠠᠩ ᠢᠯᠡ ᠪᠠᠷ ᠤᠷᠤᠯᠳᠤᠬᠤ ᠲᠤᠭᠤᠢᠢᠯᠠᠩ ᠤᠨ ᠨᠢᠭᠡᠳᠤᠭᠡᠷ ᠨᠡᠷᠡᠰ ᠲᠤ ᠤᠷᠤᠵᠤ᠂ ᠰᠢᠨ ᠴᠢᠤᠸᠠᠨ ᠲᠤᠷᠬᠢᠯᠲᠡ ᠨᠠᠮᠳᠠᠭᠤᠯᠤᠭᠴᠢ ᠲᠡᠷᠭᠡᠨ ᠤ ᠠᠩᠬᠢ ᠶᠢᠨ ᠵᠠᠩ ᠵᠢᠶᠠᠨ ᠹᠠᠨᠭ᠌ ᠦᠭᠡᠷᠡᠴᠢᠯᠡᠨ ᠲᠤᠨᠤᠭᠯᠠᠭ᠎ᠠ ᠦᠭᠡᠢ ᠲᠡᠷᠭᠡᠨ ᠤ ᠲᠤᠭᠤᠢᠢᠯᠠᠩ ᠤᠨ ᠤᠷᠤᠯᠳᠤᠭᠠᠨ ᠳᠤ ᠤᠷᠦ᠋ᠢᠯᠠᠭᠰᠠᠨ ᠪᠠᠶᠢᠨ᠎ᠠ᠃ 

ᠲᠤᠰ ᠤᠳᠠᠭᠠᠨ ᠤ ᠤᠷᠤᠯᠳᠤᠭᠠᠨ ᠤ ᠭᠤᠤᠯ ᠬᠠᠮᠢᠶᠠᠷᠤᠭᠴᠢ ᠬᠤᠤᠰ᠄ 《2019 ᠤᠨ ᠤ ᠲᠤᠮᠳᠠᠳᠦ ᠮᠤᠩᠭᠤᠯ ᠤᠷᠤᠰ (ᠤᠯᠠᠨ ᠤᠯᠤᠰ ᠤᠨ) ᠤᠨ ᠬᠡᠬᠡᠷᠡᠯᠡᠬᠦ ᠮᠠᠰᠢᠨ ᠤ ᠲᠡᠰᠭᠡᠯ ᠤᠷᠤᠯᠳᠤᠭᠠᠨ ᠲᠤᠮᠳᠠᠳᠤ ᠤᠯᠤᠰ ᠤᠨ ᠤᠯᠠᠭᠠᠨᠴᠠᠪ ᠬᠤᠲᠠ ᠶᠢᠨ ᠠᠷᠠᠳ ᠤᠨ ᠵᠠᠰᠠᠭ ᠤᠨ ᠤᠷᠳᠤᠨ᠂ ᠦᠪᠦᠷ ᠮᠤᠩᠭᠤᠯ ᠤᠨ ᠮᠠᠰᠢᠨ ᠲᠡᠷᠭᠡ ᠮᠤᠲ᠋ᠦᠷ ᠲᠡᠷᠭᠡᠨ ᠤ ᠰᠫᠦᠷᠲ ᠤᠨ ᠬᠤᠯᠪᠤᠭᠠᠲᠤ ᠬᠤᠷᠠᠯ᠂ ᠦᠪᠦᠷ ᠮᠤᠩᠭᠤᠯ ᠤᠨ ᠹᠸᠡᠭ ᠨᠢᠶᠤᠤ ᠤᠷᠤᠯᠳᠤᠭᠠᠨ ᠤ ᠲᠡᠷᠭᠡᠨ ᠤ ᠰᠤᠶᠤᠯ ᠤᠨ ᠬᠢᠵᠠᠭᠠᠷᠲᠤ ᠺᠤᠮᠫᠠᠨᠢ ᠶᠢᠨ ᠬᠦᠴᠦᠲᠠᠢ ᠲᠡᠮᠵᠢᠯᠭᠡ ᠪᠠᠷ ᠦᠵᠠᠮᠵᠢᠲᠤ ᠰᠠᠶᠢᠬᠠᠨ ᠤᠯᠠᠭᠠᠨᠴᠠᠪ ᠬᠤᠲᠠ ᠳᠤ ᠶᠠᠪᠤᠭᠳᠠᠭᠰᠠᠨ ᠪᠠᠶᠢᠨ᠎ᠠ᠃ ᠮᠠᠰᠢᠨ ᠲᠡᠷᠭᠡ ᠲᠤᠰᠬᠠᠢ ᠮᠡᠷᠭᠡᠵᠢᠯ ᠤᠨ ᠦᠭᠡᠷᠡᠴᠢᠯᠡᠨ ᠲᠤᠨᠤᠭᠯᠠᠬᠤ ᠲᠤᠭᠤᠢᠢᠯᠠᠩ ᠵᠡᠷᠭᠡ ᠭᠤᠷᠪᠠᠨ ᠲᠤᠭᠤᠢᠢᠯᠠᠩ ᠬᠤᠪᠢᠶᠠᠵᠤ᠂ ᠮᠤᠲ᠋ᠦᠷ ᠲᠡᠷᠭᠡ ᠨᠢ ᠰᠢᠨ᠎ᠠ ᠰᠤᠳᠤᠨ ᠤᠷᠤᠯᠳᠤᠭᠴᠢ᠂ ᠭᠠᠳᠠᠭᠠᠲᠤ ᠠᠴᠠ ᠤᠷᠤᠭᠤᠯᠤᠭᠰᠠᠨ ᠪᠠ ᠤᠯᠤᠰ ᠲᠠᠭᠠᠨ ᠤᠢᠢᠯᠠᠳᠪᠤᠷᠢᠯᠡᠭᠰᠡᠨ ᠬᠡᠵᠤ ᠭᠤᠷᠪᠠᠨ ᠲᠤᠭᠤᠢᠢᠯᠠᠩ ᠬᠤᠪᠢᠶᠠᠨ᠂ ᠪᠡᠯᠡᠳᠭᠡᠯ ᠤᠷᠤᠯᠳᠤᠭᠠᠨ᠂ ᠰᠢᠢᠳᠪᠤᠷᠢᠲᠤ ᠤᠷᠤᠯᠳᠤᠭᠠᠨ ᠤ ᠠᠯᠬᠤᠮ ᠲᠠᠷᠠᠭ᠎ᠠ ᠪᠠᠷ ᠶᠠᠪᠤᠭᠳᠠᠭᠰᠠᠨ ᠪᠠᠶᠢᠨ᠎ᠠ》 ᠬᠡᠵᠤ ᠰᠤᠷᠪᠤᠯᠵᠢᠯᠠᠭᠴᠢ ᠳᠤ ᠲᠠᠨᠢᠯᠴᠠᠭᠤᠯᠪᠠ᠃

1.jpg


ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ