ᠥᠩᠭᠡᠷᠡᠭᠰᠡᠨ ᠬᠡᠳᠦᠨ ᠵᠢᠯ ᠤᠨ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠢ ᠡᠷᠬᠢᠯᠡᠬᠦ ᠪᠠᠷ ᠭᠤᠶᠤᠴᠢᠯᠠᠬᠤ ᠶᠠᠪᠤᠴᠠ ᠳᠤ ᠢᠯᠡᠷᠡᠭᠰᠡᠨ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠢ ᠡᠷᠬᠢᠯᠡᠬᠦ ᠪᠠᠷ‌ᠭᠤᠶᠤᠴᠢᠯᠠᠭᠰᠠᠨ ᠤᠯᠠᠨ ᠬᠤᠳᠠ ᠳᠤᠮᠳᠠ ᠠᠴᠠ ᠨᠢ ᠲᠠᠰᠤᠷᠠᠯᠳᠠ ᠦᠭᠡᠢ ᠭᠠᠷᠤᠬᠰᠠᠨ ᠠᠰᠠᠭᠤᠳᠠᠯ ᠳᠤ ᠴᠢᠭᠯᠡᠭᠦᠯᠦᠨ᠂ ᠳᠠᠷᠠᠭ᠎ᠠ‌ᠭᠠᠷᠠᠭ ᠲᠤ ᠶᠠᠪᠤᠭᠳᠠᠬᠤ ᠤᠯᠠᠨ ᠤᠯᠤᠰ ᠤᠨ ᠣᠯᠢᠮᠫᠢᠺ ᠤᠨ ᠵᠥᠪᠯᠡᠯ ᠤᠨ ᠪᠥᠬᠦᠳᠡ ᠬᠤᠷᠠᠯ ᠠᠴᠠ ᠣᠯᠢᠮᠫᠢᠺ  ᠤᠨ ᠪᠡᠶ᠎ᠡ ᠵᠢᠨ‌‍ᠲ᠋ᠠᠮᠢᠷ ᠤᠨ ᠴᠤᠭᠯᠠᠭᠠᠨ ᠢ ᠡᠷᠬᠢᠯᠡᠬᠦ ᠪᠠᠷ ᠭᠤᠶᠤᠴᠢᠯᠠᠬᠤ ᠰᠢᠨ᠎ᠡ  ᠳᠦᠷᠢᠮ  ᠲᠣᠭᠲᠠᠭᠠᠯ ᠢ   ᠪᠠᠲᠤᠯᠠᠬᠤ ᠪᠠᠷ  ᠲᠠᠮᠵᠢᠨ᠂ᠥᠩᠭᠡᠷᠡᠭᠰᠡᠨ ᠤ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠢ ᠡᠷᠬᠢᠯᠡᠬᠦ ᠪᠠᠷ  ᠭᠤᠶᠤᠴᠢᠯᠠᠬᠤ  ᠠᠷᠭ᠎ᠠ  ᠬᠡᠯᠪᠡᠷᠢ ᠳᠦ ᠴᠢᠬᠤᠯᠠ ᠶᠡᠭᠡ ᠵᠠᠰᠠᠪᠤᠷᠢ ᠤᠷᠤᠭᠤᠯᠵᠤ ᠮᠡᠳᠡᠨ᠎ᠡ᠃ 

ᠣᠯᠠᠨ ᠤᠯᠤᠰ ᠤᠨ ᠣᠯᠢᠮᠫᠢᠺ ᠤᠨ ᠵᠥᠪᠯᠡᠯ ᠨᠢ ᠠᠯᠢ ᠡᠷᠲᠡ ᠣᠯᠠᠨ ᠤᠯᠤᠰ ᠤᠨ ᠣᠯᠢᠮᠫᠢᠺ ᠤᠨ  ᠵᠥᠪᠯᠡᠯ ᠤᠨ 5 ᠭᠡᠰᠢᠭᠦᠨ ᠢᠶᠠᠷ ᠪᠦᠷᠢᠯᠳᠦᠭᠰᠡᠨ ᠠᠵᠢᠯᠯᠠᠬᠤ ᠳᠤᠭᠤᠶᠢᠯᠠᠩ ᠢ ᠲᠣᠮᠢᠯᠠᠵᠤ ᠣᠯᠢᠮᠫᠢᠺ ᠤᠨ  ᠪᠡᠶ᠎ᠡ ᠶᠢᠨ ᠲᠠᠮᠢᠷ ᠤᠨ ᠴᠤᠭᠯᠠᠭᠠᠨ  ᠢ ᠡᠷᠬᠢᠯᠡᠬᠦ ᠪᠠᠷ ᠭᠤᠶᠤᠴᠢᠯᠠᠬᠤ ᠳᠦᠷᠢᠮ ᠲᠤᠬᠳᠠᠭᠠᠯ ᠳᠤ ᠵᠠᠰᠠᠪᠤᠷᠢ ᠣᠷᠣᠭᠤᠯᠬᠤ ᠰᠠᠨᠠᠭᠤᠯᠭ᠎ᠠ ᠳᠤᠷᠠᠳᠤᠭᠰᠠᠨ ᠶᠤᠮ᠂ ᠡᠨᠡᠬᠦᠲ᠋ᠤᠭᠤᠶᠢᠯᠠᠩ ᠳᠤ ᠠᠦ᠋ᠰᠲᠷᠠᠯᠢᠶ᠎ᠠ ᠶᠢᠨ ᠣᠯᠢᠮᠫᠢᠺ ᠤᠨ ᠵᠥᠪᠯᠡᠯ ᠤᠨ ᠲᠡᠷᠢᠭᠦᠯᠡᠭᠴᠢ ᠺᠤᠲ᠋ᠤᠰ ᠲᠡᠷᠢᠭᠦᠯᠡᠭᠴᠢ ᠶᠢᠨ ᠲᠤᠰᠢᠶᠠᠯ ᠢ‌ᠡᠭᠦᠷᠭᠡᠯᠡᠵᠦ᠂ ᠪᠦᠷᠢᠯᠳᠦᠭᠦᠨ ᠳᠤ ᠳᠤᠮᠳᠠᠳᠤ ᠤᠯᠤᠰ ᠤᠨ ᠯᠢ ᠯᠢᠩ  ᠸᠧᠶ᠂  ᠰᠯᠤᠸᠠᠺᠢᠶ᠎ᠠ ᠶᠢᠨ  ᠪᠠᠲᠺᠸᠧᠠ᠂  ᠠᠷᠭᠧᠨ᠋ᠲ᠋ᠢᠨ ‍ᠤ‌‍ᠸᠢᠲ᠋ᠦ᠋ᠢᠨ ᠪᠣᠯᠤᠨ ᠪᠦᠷᠦ᠋ᠨᠳᠢ ᠶᠢᠨ ᠡᠨ᠋ᠰᠤᠺᠷᠨ ᠪᠤᠢ᠃

ᠲᠤᠰ  ᠲᠤᠭᠤᠶᠢᠯᠠᠩ  ᠵᠢᠷᠭᠤᠭᠠᠨ  ᠵᠦᠢᠯ ᠤᠨ  ᠵᠠᠰᠠᠪᠤᠷᠢ  ᠣᠷᠣᠭᠤᠯᠬᠤ ᠰᠠᠨᠠᠭᠤᠯᠭ᠎ᠠ   ᠳᠤᠷᠠᠳᠪᠠ᠂  ᠡᠳᠡᠭᠡᠷ‌‍ ᠰᠠᠨᠠᠭᠤᠯᠭ᠎ᠠ ᠶᠢ ᠳᠠᠷᠠᠭ᠎ᠠ ᠭᠠᠷᠠᠭ ᠲᠤ ᠶᠠᠪᠤᠭᠳᠠᠬᠤ ᠤᠯᠠᠨ ᠤᠯᠤᠰ ᠤᠨ ᠣᠯᠢᠮᠫᠢᠺ ᠤᠨ ᠵᠥᠪᠯᠡᠯ ᠤᠨ ᠪᠥᠬᠦᠳᠡ ᠬᠤᠷᠠᠯ ᠳᠡᠭᠡᠷ᠎ᠡ‌‍ ᠶᠠᠷᠢᠯᠴᠠᠨ᠎ᠠ᠂  ᠬᠡᠷᠪᠡ  ᠪᠠᠲᠤᠯᠠᠭᠳᠠᠬᠤ ᠳᠤ  ᠬᠦᠷᠪᠡᠯ  ᠣᠯᠢᠮᠫᠢᠺ  ᠤᠨ ᠦᠨᠳᠦᠰᠦᠨ  ᠳᠦᠷᠢᠮ ᠳᠤ  ᠵᠢᠩᠬᠢᠨᠢ ᠪᠠᠷ  ᠪᠢᠴᠢᠵᠦ‌ ᠣᠷᠣᠭᠤᠯᠤᠨ᠎ᠠ᠃         ᠺᠤᠲ᠋ᠤᠰ ᠲᠤᠬᠠᠶ ᠶᠢᠨ ᠡᠳᠦᠷ ᠰᠤᠷᠪᠤᠯᠵᠢᠯᠠᠭᠴᠢ ᠳᠤ ᠲᠡᠭᠦᠨ ᠤ ᠳᠣᠲᠣᠷᠠᠬᠢ ᠵᠠᠰᠠᠪᠤᠷᠢ ᠣᠷᠣᠭᠤᠯᠬᠤ ᠵᠠᠷᠢᠮ  ᠰᠠᠨᠠᠯ ᠢ‌‍ᠶᠠᠷᠢᠵᠠᠢ᠃ ᠨᠢᠭᠡᠳᠦᠭᠡᠷ ᠲᠤ᠂ ᠢᠷᠡᠭᠡᠳᠦᠶ ᠶᠢᠨ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠢ ᠨᠢᠭᠡ ᠬᠤᠳᠠ ᠳᠤ ᠬᠢᠬᠦ ᠪᠠᠷ‌‍ᠬᠢᠵᠠᠭᠠᠷᠯᠠᠵᠤ ᠪᠣᠯᠬᠤ ᠦᠭᠡᠢ︔ ᠬᠤᠶᠠᠳᠤᠭᠠᠷ ᠲᠤ᠂ ᠣᠯᠢᠮᠫᠢᠺ ᠤᠨ  ᠪᠡᠶ᠎ᠡ ᠶᠢᠨ ᠲᠠᠮᠢᠷ ᠤᠨ  ᠴᠤᠭᠯᠠᠭᠠᠨ ᠢ  ᠡᠷᠬᠢᠯᠡᠬᠦ ᠡᠴᠠ‌ᠡᠮᠦᠨᠡᠬᠢ ᠳᠣᠯᠣᠳᠤᠭᠠᠷ ᠵᠢᠯ ᠳᠤ ᠵᠠᠪᠠᠯ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠢ ᠡᠷᠬᠢᠯᠡᠬᠦ ᠬᠤᠲᠠ ᠶᠢ  ᠰᠣᠩᠭᠤᠨ‌ᠭᠠᠷᠭᠠᠬᠤ ᠪᠢᠰᠢ︔ ᠭᠤᠷᠪᠠᠳᠤᠭᠠᠷ ᠲᠤ᠂ 《ᠢᠷᠡᠭᠡᠳᠦᠶ ᠶᠢᠨ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠢ ᠡᠷᠬᠢᠯᠡᠬᠦ‍‌ ᠭᠠᠵᠠᠷ ᠤᠨ ᠵᠦᠪᠯᠡᠯ》 ᠢᠶᠡᠷ ᠣᠳᠣ ᠶᠢᠨ《ᠦᠨᠡᠯᠡᠨ  ᠵᠢᠱᠢᠬᠦ  ᠵᠦᠪᠯᠡᠯ》 ᠢ  ᠣᠷᠣᠯᠠᠭᠤᠯᠬᠤ  ᠪᠥᠭᠡᠳ ᠨᠠᠩ  ᠶᠡᠭᠡ  ᠡᠷᠬᠡ‌ᠣᠯᠭᠤᠵᠤ᠂ ᠤᠯᠠᠨ ᠤᠯᠤᠰ ᠤᠨ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠵᠦᠪᠯᠡᠯ ᠤᠨ ᠭᠦᠢᠴᠡᠳᠬᠡᠬᠦ  ᠺᠣᠮᠢᠰ ᠲᠤ᠋‌ᠤᠯᠠᠨ ᠪᠤᠶᠤ ᠭᠠᠭᠴᠠ ᠵᠢᠱᠢᠭᠳᠡᠭᠴᠢ ᠬᠤᠲᠠ ᠶᠢ ᠲᠠᠨᠢᠯᠴᠠᠭᠤᠯᠬᠤ ᠶᠠᠪᠤᠳᠠᠯ ᠢ ᠬᠠᠷᠢᠭᠤᠴᠠᠭᠤᠯᠤᠨ᠎ᠠ ᠬᠡᠪᠡ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ