80019dc2-28e9-4e99-bf5e-85069a240d6f.jpg

ᠤᠯᠠᠨ ᠤᠯᠤᠰ ᠤᠨ ᠤᠯᠢᠮᠫᠢᠺ ᠤᠨ ᠵᠦᠪᠯᠡᠯ ᠤᠨ 134 ᠤᠲᠠᠭᠠᠨ ᠤ ᠪᠦᠭᠦᠲᠠ ᠬᠤᠷᠠᠯ 24 ᠤ ᠡᠲᠦᠷ ᠰᠧᠶ᠋ᠰ ᠤᠨ ᠯᠤᠰᠠᠨ ᠳ᠋ᠤ ᠪᠤᠯᠵᠤ᠂ 2026 ᠤᠨ ᠤ ᠡᠪᠦᠯ ᠤᠨ ᠤᠯᠢᠮᠫᠢᠺ ᠤᠨ ᠲᠡᠮᠡᠴᠡᠭᠡᠨ ᠤ ᠵᠤᠬᠢᠶᠠᠨ ᠪᠠᠢᠭᠤᠯᠬᠤ ᠬᠤᠲᠠ ᠶᠢ ᠰᠤᠩᠭᠤᠨ ᠭᠠᠷᠭᠠᠪᠠ᠃ 13 ᠤᠨᠤᠭᠠᠨ ᠤ ᠲᠠᠪᠠᠭᠤᠯᠢᠭ ᠶᠢᠡᠷ ᠢᠲ᠋ᠠᠯᠢ ᠶᠢᠨ ᠮᠢᠯᠠᠨ ᠪᠤᠯᠤᠨ ᠺᠤᠷᠲ᠋ᠢᠨᠠ ᠳ᠋ᠧᠮᠫᠧᠽᠤ᠋ 2026 ᠤᠨ ᠤ ᠡᠪᠦᠯ ᠤᠨ ᠤᠯᠢᠮᠫᠢᠺ ᠤᠨ ᠲᠡᠮᠡᠴᠡᠭᠡᠨ ᠢ ᠵᠤᠬᠢᠶᠠᠨ ᠪᠠᠢᠭᠤᠯᠬᠤ ᠡᠷᠬᠡ ᠶᠢ ᠲᠡᠮᠡᠴᠡᠨ ᠤᠯᠪᠠ᠃

ᠢᠩᠭᠢᠭᠡᠳ ᠢᠲ᠋ᠠᠯᠢ ᠭᠤᠷᠪᠡᠳᠡᠬᠢ ᠤᠲᠠᠭ᠎ᠠ ᠪᠠᠨ ᠡᠪᠦᠯ ᠤᠨ ᠤᠯᠢᠫᠢᠺ ᠤᠨ ᠲᠡᠮᠡᠴᠡᠭᠡᠨ ᠢ ᠵᠤᠬᠢᠶᠠᠨ ᠪᠠᠢᠭᠤᠯᠬᠤ ᠪᠤᠯᠤᠨ᠎ᠠ᠃ ᠡᠭᠦᠨ ᠡᠴᠡ ᠡᠮᠦᠨ᠎ᠠ 1956 ᠤᠨ ᠳ᠋ᠤ ᠺᠤᠷᠲ᠋ᠢᠨᠠ ᠳ᠋ᠧᠮᠫᠧᠽᠤ᠋ ᠳ᠋ᠤ᠂ 2006 ᠤᠨ ᠳ᠋ᠤ ᠲᠤᠷᠢᠨᠤ᠋ ᠳ᠋ᠤ ᠶᠠᠪᠤᠭᠲᠠᠭᠤᠯᠤᠭᠰᠠᠨ ᠪᠠᠢᠲᠠᠭ᠃

ᠡᠪᠦᠯ ᠤᠨ ᠰᠫᠤᠷᠲ ᠤᠨ ᠬᠦᠴᠦᠷᠬᠡᠭ ᠤᠯᠤᠰ ᠤᠨ ᠨᠢᠭᠡ ᠪᠤᠯᠤᠭᠰᠠᠨ ᠰᠧᠧᠳᠧᠨ ᠶᠡᠷᠦ ᠡᠴᠡ ᠡᠪᠦᠯ ᠤᠨ ᠤᠯᠢᠮᠫᠢᠺ ᠤᠨ ᠲᠡᠮᠡᠴᠡᠭᠡᠨ ᠵᠤᠬᠢᠶᠠᠨ ᠪᠠᠢᠭᠤᠯᠤᠭᠠᠲᠤᠢ ᠪᠠᠢᠭᠰᠠᠭᠠᠷ᠂ ᠡᠨᠡ ᠤᠲᠠᠭ᠎ᠠ ᠭᠤᠶᠤᠴᠢᠯᠠᠨ ᠲᠡᠪᠰᠢᠬᠦᠯᠦᠭᠰᠡᠨ ᠴᠤ ᠰᠤᠩᠭᠤᠭᠤᠯᠢ ᠳ᠋ᠤ ᠭᠤᠭᠤᠵᠢᠭᠲᠠᠵᠤ ᠲᠤᠰ ᠤᠯᠤᠰ ᠤᠨ ᠲᠤᠯᠤᠲᠡᠬᠢ ᠤᠲᠠᠭᠠᠨ ᠤ ᠡᠪᠦᠯ ᠤᠨ ᠤᠯᠢᠮᠫᠢᠺ ᠤᠨ ᠲᠡᠮᠡᠴᠡᠭᠡᠨ ᠤ ᠭᠤᠶᠤᠴᠢᠯᠠᠯ ᠢᠯᠠᠭᠲᠠᠯ ᠳ᠋ᠤ ᠤᠴᠠᠷᠠᠭᠰᠠᠨ ᠪᠠᠢ᠌ᠢᠨ᠎ᠠ᠃

3771a7c2-27ec-41be-9d11-9094af2857e3.jpg


ᠢᠷᠡᠯᠳᠡ : 

ᠰᠢᠨᠬᠤᠸᠠ ᠬᠤᠷᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ