ᠲᠤᠮᠤ ᠬᠡᠪᠴᠢᠶᠡᠨ ᠤ ᠲᠠᠮᠢᠷ ᠤᠨ ᠴᠤᠭᠯᠠᠭᠠᠨ ᠪᠤᠯᠬᠤ ᠪᠦᠷᠢ᠂ ᠬᠢᠨᠠᠭᠴᠢ ᠪᠠ ᠲᠠᠮᠢᠷᠴᠢᠳ ᠤᠨ ᠲᠦᠯᠦᠭᠡᠯᠡᠭᠴᠢ ᠲᠠᠶᠢᠰᠠᠨ ᠳᠤ ᠭᠠᠷᠴᠤ ᠲᠠᠩᠭᠠᠷᠢᠬᠯᠠᠬᠤ ᠨᠢ ᠬᠠᠷᠠᠭᠳᠠᠳᠠᠭ᠃ ᠲᠡᠳᠡᠨ ᠤ ᠶᠠᠷᠢᠶ᠎ᠠ ᠶᠢ ᠠᠩᠬᠠᠷᠴᠤ ᠦᠵᠡᠪᠡᠯ᠂ ᠲᠠᠮᠢᠷ ᠤᠨ ᠵᠤᠷᠢᠭ ᠰᠠᠨᠠᠭ᠎ᠠ ᠭᠡᠳᠡᠭ ᠤᠨ ᠳᠤᠬᠠᠢ ᠤᠳᠠᠭ᠎ᠠ ᠪᠤᠯᠭᠠᠨ ᠳᠤᠷᠠᠳᠴᠤ ᠪᠠᠶᠢᠳᠠᠭ᠃ ᠬᠡᠵᠢᠶᠡᠳᠡ ᠵᠤᠷᠢᠭ ᠮᠤᠬᠤᠷᠠᠬᠤ ᠦᠭᠡᠢ ᠪᠠᠶᠢᠬᠤ ᠨᠢ ᠲᠡᠭᠦᠨ ᠤ ᠴᠦᠮ᠎ᠡ ᠪᠠᠶᠢᠵᠤ ᠲᠠᠭᠠᠷᠠᠨ᠎ᠠ᠃

ᠪᠡᠶ᠎ᠠ ᠲᠠᠮᠢᠷ ᠤᠨ ᠵᠤᠷᠢᠭ ᠰᠠᠨᠠᠭ᠎ᠠ ᠪᠤᠯ ᠲᠠᠮᠢᠷ ᠤᠨ ᠪᠦᠬᠦ᠋ᠢᠯᠡ ᠦᠩᠭᠡ ᠳᠦᠷᠬᠦ᠂ ᠡᠷᠬᠡ ᠳᠡᠭᠰᠢ᠂ ᠲᠦᠪ ᠭᠤᠤᠯᠴᠢ᠂ ᠢᠯᠡ ᠲᠤᠳᠤᠷᠬᠠᠢ᠂ ᠦᠪᠠᠷᠮᠢᠴᠡ ᠤᠨᠴᠠᠯᠢᠭ ᠵᠢᠴᠢ ᠨᠢᠭᠲᠠᠷᠠᠯ ᠤᠨ ᠬᠦᠴᠦᠨ᠂ ᠨᠦᠯᠦᠭᠡᠯᠡᠬᠦ ᠬᠦᠴᠦᠨ ᠪᠠ ᠳᠠᠶᠢᠴᠢᠯᠠᠬᠤ ᠬᠦᠴᠦᠨ ᠤ ᠢᠯᠡᠷᠡᠭᠦᠯᠦᠯ᠂ ᠲᠠᠮᠢᠷ ᠤᠨ ᠬᠦᠰᠡᠯᠡᠩ᠂ ᠢᠲᠡᠭᠡᠯ ᠪᠢᠰᠢᠷᠡᠯ᠂ ᠬᠡᠪ ᠰᠤᠷᠳᠠᠬᠤᠨ ᠵᠢᠴᠢ ᠲᠠᠮᠢᠷ ᠤᠨ ᠮᠡᠳᠡᠯᠭᠡ᠂ ᠲᠠᠮᠢᠷ ᠤᠨ ᠶᠤᠰᠤ ᠮᠤᠷᠠᠯ᠂ ᠲᠠᠮᠢᠷ ᠤᠨ ᠭᠤᠸ᠎ᠠ ᠮᠡᠳᠡᠷᠡᠭᠦᠢ ᠶᠢᠨ ᠳᠦᠪᠰᠢᠨ ᠤ ᠪᠡᠯᠭᠡ ᠲᠡᠮᠲᠡᠭ᠂ ᠲᠠᠮᠢᠷ ᠤᠨ ᠲᠤᠯᠭᠠᠭᠤᠷᠢᠯᠠᠬᠤ ᠬᠦᠴᠦᠨ ᠵᠦᠢᠯ ᠪᠠ ᠰᠦᠭ ᠰᠦᠯᠳᠡ ᠪᠤᠯᠤᠨ᠎ᠠ ᠭᠡᠵᠦ ᠲᠠᠶᠢᠯᠪᠤᠷᠢᠯᠠᠵᠤ ᠪᠤᠢ᠃ ᠲᠠᠮᠢᠷ ᠤᠨ ᠵᠤᠷᠢᠭ ᠰᠠᠨᠠᠭ᠎ᠠ ᠨᠢ ᠪᠡᠶ᠎ᠠ ᠶᠢᠨ ᠲᠠᠮᠢᠷ ᠤᠨ ᠬᠦᠳᠡᠯᠭᠡᠭᠡᠨ ᠤ ᠳᠤᠮᠳᠠ ᠠᠴᠠ ᠬᠦᠪᠦᠷᠡᠨ ᠪᠤᠶᠢᠵᠢᠵᠤ ᠢᠷᠡᠭᠰᠡᠨ ᠴᠤ ᠲᠠᠮᠢᠷ ᠤᠨ ᠬᠦᠳᠡᠯᠭᠡᠭᠡᠨ ᠤ ᠳᠤᠰ ᠪᠡᠶ᠎ᠡ ᠠᠴᠠ ᠳᠠᠪᠠᠵᠤ᠂ ᠲᠡᠭᠦᠨ ᠠᠴᠠ ᠬᠡᠲᠦ᠋ᠢᠳᠦᠨ᠂ ᠬᠦᠮᠦᠰ ᠤᠨ ᠳᠤᠲᠤᠭᠠᠳᠤ ᠰᠡᠳᠬᠢᠯ ᠳᠠᠬᠢ ᠨᠢᠭᠡ ᠵᠦᠢᠯ ᠤᠨ ᠢᠲᠡᠭᠡᠯ ᠪᠢᠰᠢᠷᠡᠯ ᠪᠠ ᠬᠦᠰᠡᠯ ᠬᠦᠭᠡᠭᠡᠴᠡᠯᠳᠦᠯ ᠪᠤᠯᠤᠭᠰᠠᠨ ᠪᠠᠶᠢᠨ᠎ᠠ᠃ ᠤᠯᠢᠮᠫᠢᠺ ᠤᠨ ᠲᠠᠮᠢᠷ ᠤᠨ ᠴᠤᠭᠯᠠᠭᠠᠨ ᠨᠢ ᠪᠦᠬᠦ ᠳᠡᠯᠡᠬᠡᠢ ᠶᠢᠨ ᠬᠠᠮᠤᠭ ᠤᠨ ᠲᠦᠯᠦᠭᠡᠯᠡᠬᠦ ᠴᠢᠨᠠᠷᠲᠠᠢ ᠲᠠᠮᠢᠷ ᠤᠨ ᠳᠤᠮᠤ ᠴᠤᠭᠯᠠᠭᠠᠨ ᠪᠤᠯᠤᠭᠰᠠᠨ ᠤ ᠬᠤᠪᠢ ᠳᠤ᠂ 《ᠨᠡᠩ ᠲᠦᠷᠭᠡᠨ᠂ ᠨᠡᠩ ᠦᠨᠳᠦᠷ᠂ ᠨᠡᠩ ᠴᠢᠩᠭ᠎ᠠ》 ᠭᠡᠬᠦ ᠤᠯᠢᠮᠫᠢᠺ ᠤᠨ ᠤᠷᠢᠶ᠎ᠠ᠂ 《ᠤᠷᠤᠯᠴᠠᠬᠤ ᠨᠢ ᠴᠢᠬᠤᠯᠠ᠂ ᠡᠭᠦᠷᠢᠳᠡ ᠤᠬᠤᠷᠢᠬᠤ ᠦᠭᠡᠢ᠂ ᠬᠡᠵᠢᠶᠡᠳᠡ ᠵᠤᠷᠢᠭ ᠮᠤᠬᠤᠷᠠᠬᠤ ᠦᠭᠡᠢ᠂ ᠶᠠᠭᠠᠬᠢᠭᠰᠠᠨ ᠴᠤ ᠳᠤᠯᠤᠭᠠᠢ ᠪᠦᠬᠦ᠋ᠢᠬᠦ ᠦᠭᠡᠢ》 ᠭᠡᠬᠦ ᠤᠯᠢᠮᠫᠢᠺ ᠤᠨ ᠵᠤᠷᠢᠭ ᠰᠠᠨᠠᠭ᠎ᠠ ᠶᠢ ᠪᠦᠷᠢᠯᠳᠦᠭᠦᠯᠵᠦ᠂ ᠮᠡᠷᠡᠶᠢᠨ ᠲᠡᠮᠡᠴᠡᠬᠦ ᠪᠠ ᠤᠷᠤᠭᠰᠢᠯᠠᠨ ᠳᠠᠪᠰᠢᠬᠤ ᠵᠤᠷᠢᠭ ᠰᠠᠨᠠᠭ᠎ᠠ ᠶᠢ ᠴᠢᠬᠤᠯᠠᠴᠢᠯᠠᠳᠠᠭ ᠪᠢᠯᠡ᠃ ᠡᠨᠡ ᠪᠤᠯ ᠳᠠᠷᠤᠢ ᠲᠠᠮᠢᠷ ᠤᠨ ᠵᠤᠷᠢᠭ ᠰᠠᠨᠠᠭᠠᠨ ᠤ ᠪᠤᠳᠠᠳᠤ ᠢᠯᠡᠷᠡᠯ᠃

ᠬᠦᠯ ᠪᠦᠮᠪᠦᠭᠡ ᠶᠢᠨ ᠡᠲᠡᠭᠡᠳ ᠲᠤ 《ᠡᠴᠦᠰ ᠤᠨ ᠰᠧᠺᠦ᠋ᠨ᠋ᠳ᠋ ᠪᠤᠯᠬᠤ ᠦᠭᠡᠢ ᠪᠤᠯ ᠶᠠᠮᠠᠷ ᠳ᠋ᠦᠩ ᠭᠠᠷᠬᠤ ᠶᠢ ᠬᠡᠨ ᠴᠤ ᠳᠦᠰᠦᠭᠡᠯᠡᠬᠦ ᠶᠢᠨ ᠠᠷᠭ᠎ᠠ ᠦᠭᠡᠢ》 ᠭᠡᠬᠦ‍ ᠰᠢᠭ ᠰᠠᠨᠠᠭ᠎ᠠ ᠲᠠᠢ ᠠᠯᠳᠠᠷᠲᠤ ᠦᠭᠡ ᠪᠠᠶᠢᠳᠠᠭ᠃ ᠲᠦᠪ ᠭᠤᠤᠯᠴᠢ ᠤᠷᠤᠯᠳᠤᠬᠤ ᠤᠷᠢᠳᠠᠯ ᠳᠤᠤᠷ᠎ᠠ᠂ ᠬᠦᠯ ᠪᠦᠮᠪᠦᠭᠡ ᠶᠢᠨ ᠬᠦᠳᠡᠯᠭᠡᠭᠡᠨ ᠳᠤ ᠬᠡᠵᠢᠶᠡᠳᠡ ᠬᠦᠮᠦᠰ ᠤᠨ ᠰᠠᠨᠠᠭᠠᠨ ᠠᠴᠠ ᠭᠠᠳᠠᠭᠤᠷ ᠳ᠋ᠦᠩ ᠪᠤᠶᠤ ᠭᠡᠨᠡᠳᠲᠡ ᠶᠢᠨ ᠳᠤᠬᠢᠶᠠᠯᠳᠤᠯ ᠭᠠᠷᠤᠭᠰᠠᠭᠠᠷ ᠯᠠ ᠪᠠᠶᠢᠳᠠᠭ᠃ 《ᠪᠦᠮᠪᠦᠭᠡ ᠭᠡᠵᠢ ᠪᠦᠮᠪᠤᠷᠢᠭᠡᠨ ᠪᠤᠯᠬᠤᠷ ᠶᠠᠮᠠᠷᠴᠤ ᠪᠤᠯᠤᠮᠵᠢ ᠪᠠᠶᠢᠵᠤ ᠪᠤᠯᠤᠨ᠎ᠠ》 ᠭᠡᠵᠦ ᠬᠦᠯ ᠪᠦᠮᠪᠦᠭᠡ ᠶᠢᠨ ᠡᠲᠡᠭᠡᠳ ᠤᠨ ᠬᠢᠨ ᠴᠤ ᠶᠠᠷᠢᠳᠠᠭ᠃ ᠬᠠᠷᠢᠨ ᠤᠷᠤᠯᠳᠤᠭᠠᠨ ᠮᠦᠷᠦ᠋ᠢᠴᠡᠭᠡᠨ ᠤ ᠳᠤᠮᠳᠠ ᠬᠡᠳᠦ᠋ᠢᠪᠠᠷ ᠠᠰᠢᠭ ᠦᠭᠡᠢ ᠪᠠᠶᠢᠳᠠᠯ ᠳᠤ ᠪᠠᠶᠢᠭᠰᠠᠨ ᠴᠤ ᠡᠴᠦᠰ ᠤᠨ ᠰᠧᠺᠦ᠋ᠨ᠋ᠳ᠋ ᠬᠦᠷᠲᠡᠯ᠎ᠡ ᠰᠢᠷᠪᠤᠰᠤ ᠪᠠᠨ ᠰᠤᠩᠭᠠᠨ ᠲᠡᠮᠡᠴᠡᠵᠦ᠂ ᠨᠢᠭᠡ ᠤᠳᠠᠭᠠᠨ ᠤ ᠤᠷᠤᠯᠳᠤᠭᠠᠨ ᠲᠡᠳᠦᠢ ᠦᠭᠡᠢ᠂ ᠬᠦᠯ ᠪᠦᠮᠪᠦᠭᠡ ᠶᠢᠨ ᠡᠲᠡᠭᠡᠳ ᠤᠨ ᠲᠡᠦᠬᠡᠨ ᠳᠤ ᠦᠯᠡᠳᠡᠵᠦ ᠳᠠᠭᠤᠷᠢᠰᠬᠤ ᠠᠯᠲᠠᠨ ᠬᠤᠷᠤᠮ ᠢ ᠲᠡᠮᠲᠡᠭᠯᠡᠵᠦ᠂ ᠰᠠᠨᠠᠭᠠᠨ ᠠᠴᠠ ᠭᠠᠳᠠᠭᠤᠷ ᠳ᠋ᠦᠩ ᠭᠠᠷᠭᠠᠬᠤ ᠪᠤᠶᠤ ᠬᠤᠪᠢ ᠵᠠᠶᠠᠭᠠᠨ ᠳᠠᠭᠠᠨ ᠡᠷᠬᠢᠯᠲᠡ ᠭᠠᠷᠭᠠᠬᠤ ᠪᠤᠯ ᠶᠠᠭ ᠬᠦᠯ ᠪᠦᠮᠪᠦᠭᠡ ᠶᠢᠨ ᠬᠢᠨ ᠤ ᠲᠠᠮᠢᠷ ᠤᠨ ᠵᠤᠷᠢᠭ ᠰᠠᠨᠠᠭ᠎ᠠ ᠶᠢ ᠪᠤᠳᠠᠲᠠᠶᠢᠵᠢᠭᠤᠯᠵᠤ ᠪᠠᠶᠢᠬᠤ ᠶᠠᠪᠤᠳᠠᠯ ᠪᠤᠯᠤᠨ᠎ᠠ᠃( ᠨᠡᠷᠠᠨᠴᠢᠮᠡᠭ)


ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ