1.jpg

《ᠪᠡᠶ᠎ᠡ ᠶᠢᠨ ᠲᠠᠮᠢᠷ ᠤᠨ ᠰᠤᠭᠤᠯᠠᠭ᠎ᠠ ᠶᠢᠨ ᠳ᠋ᠠ ᠯᠸ ᠲᠸᠦ ᠴᠤᠮᠤ》  2019 ᠤᠨ ᠤ ᠠᠽᠢᠶ᠎ᠠ ᠲᠢᠪ ᠤᠨ ᠬᠦᠩᠭᠡᠨ ᠠᠲ᠋ᠯᠸᠲ᠋ᠢᠺ ᠤᠨ ᠱᠠᠩᠨᠠᠯᠲᠤ ᠲᠡᠮᠡᠴᠡᠭᠡᠨ ᠤ ᠰᠢᠷᠢᠰ ᠲᠡᠮᠡᠴᠡᠭᠡᠨ 4 ᠤ ᠡᠳᠦᠷ ᠤᠨ ᠤᠷᠤᠢ ᠴᠦᠩᠴᠢᠩ ᠬᠤᠲᠠ ᠶᠢᠨ ᠵᠢᠶᠠᠩ ᠵᠢᠨ ᠲᠤᠭᠤᠷᠢᠬ ᠲᠤ ᠵᠤᠬᠢᠶᠠᠨ ᠪᠠᠶᠢᠭᠤᠯᠤᠬᠳᠠᠵᠦ᠂ ᠳᠤᠮᠳᠠᠳᠤ ᠤᠯᠤᠰ᠂ ᠶᠠᠫᠤᠨ᠂ ᠺᠤᠷᠢᠶᠠ᠂ ᠢᠷᠠᠺ ᠵᠡᠷᠭᠡ 18 ᠤᠯᠤᠰ ᠤᠷᠤᠨ ᠤ 164 ᠲᠠᠮᠢᠷᠴᠢᠨ ᠤᠷᠤᠯᠴᠠᠵᠦ᠂ ᠳᠤᠮᠳᠠᠳᠤ ᠶᠢᠨ ᠪᠠᠬ  ᠡᠷᠡᠭᠲᠡᠢ ᠡᠮᠡᠭᠲᠡᠢ ᠶᠢᠨ 4x100 ᠶ᠋ᠢᠨ ᠪᠤᠤᠬᠢᠶ᠎ᠠ ᠳᠤ ᠪᠦᠷ ᠲᠡᠷᠢᠭᠦᠯᠡᠵᠡᠢ᠃

ᠲᠤᠰ ᠲᠡᠮᠡᠴᠡᠭᠡᠨ ᠳᠤ 100 ᠮᠸᠲ᠋ᠷ᠂ 400 ᠮᠸᠲ᠋ᠷ᠂ ᠭᠤᠷᠪᠠᠯᠠᠬᠰᠠᠨ ᠬᠠᠷᠠᠶᠢᠯᠲᠠ᠂ ᠦᠨᠳᠦᠷ  ᠬᠠᠷᠠᠶᠢᠯᠲᠠ᠂ ᠵᠢᠳᠠ ᠰᠢᠳᠡᠬᠦ᠂ ᠪᠦᠭᠡᠷᠡᠨᠴᠡᠭ ᠰᠢᠳᠡᠬᠦ ᠵᠡᠷᠭᠡ 17 ᠲᠡᠮᠡᠴᠡᠭᠡᠨ ᠤ ᠲᠦᠷᠦᠯ ᠢ ᠲᠤᠬᠢᠷᠠᠭᠤᠯᠵᠦ᠂ ᠲᠡᠮᠡᠴᠡᠭᠡᠨ ᠳᠤ ᠦᠷᠢᠰᠦᠯᠳᠦᠭᠰᠡᠨ ᠪᠠᠬ ᠤᠳ ᠨᠢ ᠭᠤᠤᠯᠳᠠᠭᠤ ᠵᠠᠯᠠᠭᠤ ᠲᠠᠮᠢᠷᠴᠢᠳ ᠢᠶᠡᠨ ᠤᠷᠤᠯᠴᠠᠭᠤᠯᠵᠦ ᠬᠦᠴᠦ ᠲᠠᠮᠢᠷ ᠢ ᠨᠢ ᠰᠢᠯᠭᠠᠵᠠᠢ᠃ ᠳᠤᠮᠳᠠᠳᠤ ᠶᠢᠨ ᠪᠠᠬ ᠴᠤ ᠭᠤᠤᠯᠳᠠᠭᠤ 95 ᠤᠨ ᠡᠴᠡ ᠰᠡᠭᠦᠯᠡᠷ ᠲᠦᠷᠦᠭᠰᠡᠨ ᠵᠠᠯᠠᠭᠤ ᠲᠠᠮᠢᠷᠴᠢᠳ ᠢᠶᠡᠨ ᠤᠷᠤᠯᠴᠠᠭᠤᠯᠵᠦ ᠲᠡᠳᠡᠨᠠᠷ ᠲᠤ ᠲᠠᠰᠬᠠᠯᠵᠢᠯ ᠤᠨ ᠲᠤᠬᠢᠶᠠᠯ ᠪᠤᠯᠭᠠᠬᠰᠠᠨ ᠪᠠᠶᠢᠨ᠎ᠠ᠃

ᠰᠢᠷᠦᠭᠦᠨ ᠦᠷᠢᠰᠦᠯᠳᠦᠭᠰᠡᠨ ᠤ ᠳ᠋ᠦᠩ ᠳᠤ ᠳᠤᠮᠳᠠᠳᠤ ᠶᠢᠨ ᠪᠠᠬ ᠤᠨ ᠵᠠᠯᠠᠭᠤ ᠲᠠᠮᠢᠷᠴᠢᠳ ᠤᠯᠠᠨ ᠲᠦᠷᠦᠯ ᠤᠨ ᠲᠡᠮᠡᠴᠡᠭᠡᠨ ᠳᠤ ᠮᠸᠳ᠋ᠠᠯ ᠠᠪᠴᠠᠢ᠃ ᠡᠭᠦᠨ ᠳᠤ ᠳᠤᠷᠠᠳᠤᠭᠤᠰᠢᠲᠠᠢ ᠨᠢ 4x100 ᠶ᠋ᠢᠨ ᠪᠤᠤᠬᠢᠶ᠎ᠠ ᠳᠤ ᠮᠦᠸᠸ ᠶᠸᠦ ᠰᠢᠤᠸᠠᠢ ᠪᠡᠷ ᠲᠤᠯᠤᠭᠠᠶᠢᠯᠠᠭᠤᠯᠤᠬᠰᠠᠨ ᠡᠷᠡᠭᠲᠡᠢ ᠶᠢᠨ ᠪᠠᠬ ᠬᠢᠭᠡᠳ ᠯᠢᠦ ᠴᠢᠤᠸᠠᠨ ᠢᠶᠡᠷ ᠲᠤᠯᠤᠭᠠᠶᠢᠯᠠᠭᠤᠯᠤᠬᠰᠠᠨ ᠡᠮᠡᠭᠲᠡᠢ ᠶᠢᠨ ᠪᠠᠬ ᠤᠨ ᠬᠢᠨ ᠲᠤᠰᠪᠤᠷᠢ 38.93 ᠰᠸᠭᠦ᠋ᠨᠳ᠋᠂ 43.54 ᠰᠸᠭᠦ᠋ᠨᠳ᠋ ᠤᠨ ᠠᠮᠵᠢᠯᠲᠠ ᠪᠡᠷ ᠲᠡᠷᠢᠭᠦᠯᠡᠵᠡᠢ᠃ ᠹᠠᠩ ᠶᠤᠤ ᠴᠢᠩ᠂ ᠰᠢᠤᠢ ᠰᠢᠶᠤᠤ ᠯᠦᠩ ᠲᠤᠰᠪᠤᠷᠢ ᠡᠷᠡᠭᠲᠡᠢ ᠶᠢᠨ ᠭᠤᠷᠪᠠᠯᠠᠬᠰᠠᠨ ᠬᠠᠷᠠᠶᠢᠯᠲᠠ ᠳᠤ ᠲᠡᠷᠢᠭᠦᠨ ᠳᠡᠳ᠋ ᠲᠤ ᠲᠤᠳᠤᠷᠠᠵᠦ᠂ ᠡᠦ ᡁᠢ ᠴᠢᠶᠠᠩ ᠡᠷᠡᠭᠲᠡᠢ ᠶᠢᠨ 100 ᠮᠸᠲ᠋ᠷ ᠤᠨ ᠬᠦᠶᠦᠯᠲᠡ ᠳᠤ ᠮᠠᠩᠯᠠᠶᠢᠯᠠᠵᠦ᠂ ᠪᠢᠶᠠᠨ ᠺᠠ ᠡᠮᠡᠭᠲᠡᠢ ᠶᠢᠨ ᠪᠦᠭᠡᠷᠡᠨᠴᠡᠭ ᠰᠢᠳᠡᠬᠦ ᠲᠡᠮᠡᠴᠡᠭᠡᠨ ᠳᠤ ᠠᠯᠲᠠ ᠠᠪᠴᠠᠢ᠃

ᠢᠷᠡᠯᠳᠡ : 

 ᠰᠢᠨᠬᠤᠸᠠ ᠬᠤᠷᠢᠶ᠎ᠠ     

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ