ᠤᠢᠢᠷ᠎ᠠ ᠳᠤ ᠬᠠᠷᠠᠮᠦ᠋ᠷᠠᠨ ᠮᠤᠵᠢ ᠶᠢᠨ ᠰᠥᠢ ᠹᠧᠨ ᠾᠧ ᠬᠤᠳᠠ ᠳᠤ ᠶᠠᠪᠤᠬᠳᠠᠬᠰᠠᠨ 2019 ᠤᠨ ᠤ ᠪᠥᠬᠦ ᠤᠯᠤᠰ ᠤᠨ ᠲᠤᠮᠳᠠᠳᠤ ᠮᠠᠶ᠋ᠢᠬ ᠤᠨ ᠪᠥᠭᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠮᠠᠨ ᠤ ᠤᠷᠤᠨ ᠤ ᠲᠠᠮᠢᠷᠴᠢᠨ 5 ᠠᠯᠳᠠᠨ ᠮᠧᠳᠠᠯ ᠤᠯᠪᠠ᠃ 

ᠲᠤᠰ ᠤᠳᠠᠭ᠎ᠠ ᠶᠢᠨ ᠤᠷᠤᠯᠳᠤᠭᠠᠨ ᠳᠤ ᠪᠥᠬᠦ ᠤᠯᠤᠰ ᠤᠨ 58 ᠲᠥᠯᠥᠭᠡᠯᠡᠭᠴᠢ ᠶᠢᠨ ᠠᠩᠭᠢ ᠶᠢᠨ ᠨᠡᠶᠢᠳᠠ 596 ᠲᠠᠮᠢᠷᠴᠢᠨ ᠠᠳᠠᠯᠢ ᠪᠤᠰᠤ ᠲᠡᠰ ᠤᠨ ᠤᠷᠤᠯᠳᠤᠭᠠᠨ ᠳᠤ ᠤᠷᠤᠯᠴᠡᠵᠥ᠂ ᠮᠠᠨ ᠤ ᠤᠷᠤᠨ ᠠᠴᠠ ᠨᠡᠶᠢᠳᠠ 31 ᠡᠷᠡᠭᠳᠠᠢ ᠡᠮᠡᠭᠳᠠᠢ ᠲᠠᠮᠢᠷᠴᠢᠨ 14 ᠠᠳᠠᠯᠢ ᠪᠤᠰᠤ ᠲᠡᠰ ᠤᠨ ᠤᠷᠤᠯᠳᠤᠭᠠᠨ ᠳᠤ ᠤᠷᠤᠯᠴᠠᠵᠥ᠂ ᠤᠷᠤᠯᠳᠤᠭᠠᠨ ᠤ ᠳ᠋ᠥᠡᠭ ᠳᠤ 5 ᠠᠯᠳᠠᠨ ᠮᠧᠳᠠᠯ᠂ 3 ᠮᠥᠡᠭᠭᠦᠨ ᠮᠧᠳᠠᠯ᠂ 5 ᠬᠥᠷᠡᠯ ᠮᠧᠳᠠᠯ ᠭᠠᠷᠳᠠᠵᠠᠢ᠃ ᠡᠬᠦᠨ ᠳᠤ ᠲᠠᠮᠢᠷᠴᠢᠨ ᠡᠷᠳᠡᠨᠢᠪᠤᠯᠠᠬ᠂ ᠭᠠᠯᠪᠢᠯᠢᠭ᠌᠂ ᠴᠡᠩᠭᠡᠯᠪᠠᠶᠠᠷ᠂ ᠠᠯᠳᠠᠨᠳᠤᠷᠵᠢ᠂ ᠴᠠᠭᠠᠨᠵᠠᠨ᠎ᠠ ᠲᠤᠰ ᠲᠤᠰ 56kg᠂ 60kg᠂ 90kg᠂ 100kg᠂ +100kg ᠤᠨ ᠲᠡᠰ ᠤᠨ ᠤᠷᠤᠯᠳᠤᠭᠠᠨ ᠳᠤ ᠲᠥᠷᠥᠬᠦᠯᠡᠵᠥ᠂ ᠲᠠᠮᠢᠷᠴᠢᠨ ᠤᠳᠤᠬᠦᠥ᠂ ᠤᠷᠳᠤᠨᠠᠰᠤᠳᠤ᠂ ᠮᠠᠩᠯᠠᠢ ᠲᠤᠰ ᠲᠤᠰ 75kg᠂ 82kg᠂ 90 kg ᠤᠨ ᠲᠡᠰ ᠤᠨ ᠤᠷᠤᠯᠳᠤᠭᠠᠨ ᠳᠤ ᠲᠡᠳ᠋ᠯᠠᠵᠥ᠂ ᠲᠠᠮᠢᠷᠴᠢᠨ ᠪᠤᠶᠠᠨᠪᠠᠳᠤ᠂ ᠡᠷᠳᠡᠨᠢᠴᠤᠬᠳᠤ᠂ ᠴᠤᠯᠮᠥᠨ᠂ ᠪᠠᠳᠤᠵᠢᠷᠭᠠᠯ᠂ ᠴᠢᠨᠳᠠᠮᠤᠨᠢ ᠲᠤᠰ ᠲᠤᠰ 60kg᠂ 75kg᠂ 90kg᠂ +100kg ᠤᠨ ᠲᠡᠰ ᠤᠨ ᠤᠷᠤᠯᠳᠤᠭᠠᠨ ᠳᠤ ᠭᠤᠷᠪᠠᠳᠤᠭᠠᠷ ᠲᠤ ᠤᠷᠤᠪᠠ᠃

ᠢᠷᠡᠯᠳᠡ : 

ᠲᠤᠰ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ