1.jpg

5 ᠰᠠᠷ᠎ᠠ ᠶᠢᠨ 24 ᠤ ᠡᠳᠤᠷ᠂《ᠪᠡᠶ᠎ᠠ ᠶᠢᠨ ᠲᠠᠮᠢᠷ ᠤᠨ ᠬᠤᠨᠵᠢᠪᠤᠷᠢᠳᠤ ᠰᠤᠭᠤᠯᠤᠭ᠎ᠠ ᠬᠤᠨᠳᠠᠭᠠᠳᠤ》 2019 ᠤᠨ ᠤ ᠲᠡᠯᠡᠭᠡᠢ ᠶᠢᠨ ᠵᠢᠤᠳᠤᠤ ᠪᠥᠬᠡ ᠶᠢᠨ ᠶᠡᠭᠡ ᠤᠷᠤᠯᠳᠤᠭᠠᠨ ᠥᠪᠥᠷ ᠮᠤᠩᠭᠤᠯ ᠤᠨ ᠪᠡᠶ᠎ᠠ ᠶᠢᠨ ᠲᠠᠮᠢᠷ ᠤᠨ ᠤᠷᠳᠤᠨ ᠳᠤ ᠡᠬᠢᠯᠡᠪᠠ᠃ ᠲᠤᠰ ᠤᠳᠠᠭ᠎ᠠ ᠶᠢᠨ ᠤᠷᠤᠯᠳᠤᠭᠠᠨ ᠢ ᠤᠯᠠᠨ ᠤᠯᠤᠰ ᠤᠨ ᠵᠢᠤᠳᠤᠤ ᠪᠥᠭᠡ ᠶᠢᠨ ᠬᠤᠯᠪᠤᠭᠠᠳᠤ ᠬᠤᠷᠠᠯ ᠤᠨ ᠡᠷᠬᠡ ᠤᠯᠭᠤᠯᠳᠠ ᠪᠠᠷ ᠲᠤᠮᠳᠠᠳᠤ ᠤᠯᠤᠰ ᠤᠨ ᠵᠢᠤᠳᠤᠤ ᠪᠥᠬᠡ ᠶᠢᠨ ᠨᠡᠶᠢᠭᠡᠮᠯᠢᠭ᠂ ᠥᠪᠡᠷᠳᠡᠭᠡᠨ ᠵᠠᠰᠬᠠᠤ ᠤᠷᠤᠨ ᠤ ᠪᠡᠶ᠎ᠠ ᠶᠢᠨ ᠲᠠᠮᠢᠷ ᠤᠨ ᠲᠤᠪᠴᠢᠶ᠎ᠠ᠂ ᠬᠥᠬᠡᠬᠤᠳᠠ ᠶᠢᠨ ᠵᠠᠰᠠᠬ ᠤᠨ ᠤᠷᠳᠤᠨ ᠠᠴᠠ ᠬᠠᠮᠳᠤᠷᠠᠨ ᠭᠤᠤᠯᠯᠠᠨ ᠡᠷᠬᠢᠯᠡᠵᠠᠢ᠃

ᠲᠤᠰ ᠤᠳᠠᠭ᠎ᠠ ᠶᠢᠨ ᠤᠷᠤᠯᠳᠤᠭᠠᠨ ᠪᠤᠯ 2020 ᠤᠨ ᠤ ᠲᠤᠤᠺᠢᠣ᠋ ᠶᠢᠨ ᠤᠯᠢᠮᠫᠢᠺ ᠤᠨ ᠲᠠᠮᠢᠷ ᠤᠨ ᠴᠤᠬᠯᠠᠭᠠᠨ ᠳᠤ ᠤᠷᠤᠯᠴᠠᠬᠤ ᠬᠤᠪᠢ ᠨᠡᠮᠡᠬᠦ ᠠᠩᠬᠠᠳᠠᠬᠴᠢ ᠥᠷᠳᠡᠭᠡ ᠶᠢᠨ ᠤᠷᠤᠯᠳᠤᠭᠠᠨ ᠪᠤᠯᠤᠨ᠎ᠠ᠂ ᠮᠥᠨ ᠴᠤ ᠵᠢᠤᠳᠤᠤ ᠪᠥᠬᠡ ᠶᠢᠨ ᠤᠯᠠᠨ ᠤᠯᠤᠰ ᠤᠨ ᠬᠠᠮᠤᠬ ᠤᠨ ᠥᠨᠳᠤᠷ ᠲᠡᠰ ᠤᠨ ᠤᠷᠤᠯᠳᠤᠭᠠᠨ ᠪᠠᠶᠢᠵᠤ᠂ 40 ᠭᠠᠷᠤᠢ ᠤᠯᠤᠰ ᠤᠨ 400 ᠭᠠᠷᠤᠢ ᠲᠠᠮᠢᠷᠴᠢᠨ ᠤᠷᠤᠯᠴᠠᠬᠤ ᠪᠤᠯᠤᠨ᠎ᠠ᠃ ᠲᠤᠮᠳᠠᠳᠤ ᠤᠯᠤᠰ ᠤᠨ ᠠᠩᠭᠢ ᠶᠢᠨ ᠬᠢᠨ 56 ᠲᠠᠮᠢᠷᠴᠢᠨ ᠲᠤᠮᠢᠯᠠᠨ ᠤᠷᠤᠯᠳᠤᠭᠠᠨ ᠳᠤ ᠤᠷᠤᠯᠴᠠᠭᠤᠯᠵᠥ᠂ ᠮᠠᠨ ᠤ ᠤᠷᠤᠨ ᠤ 9 ᠡᠷᠡᠭᠳᠠᠢ ᠲᠠᠮᠢᠷᠴᠢᠨ ᠪᠠ 1 ᠡᠮᠡᠭᠳᠠᠢ ᠲᠠᠮᠢᠷᠴᠢᠨ ᠲᠤᠮᠳᠠᠳᠤ ᠤᠯᠤᠰ ᠤᠨ ᠲᠥᠯᠥᠭᠡᠯᠡᠭᠴᠢ ᠶᠢᠨ ᠠᠩᠭᠢ ᠶᠢ ᠲᠥᠯᠥᠭᠡᠯᠡᠨ ᠤᠷᠤᠯᠳᠤᠭᠠᠨ ᠳᠤ ᠤᠷᠤᠯᠴᠠᠪᠠ᠃

5.jpg

ᠢᠷᠡᠯᠳᠡ : 

 ᠲᠤᠰ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ