ᠱᠠᠩᠬᠠᠢ ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ  ᠶᠢᠨ ᠲᠣᠪᠴᠢᠶ᠎ᠠ  ᠥᠨᠥᠬᠡᠨ  47  ᠨᠡᠷᠡᠲᠦ‌‍ ᠲ᠋ᠡᠮᠳᠡᠭ ᠤᠨ ᠬᠤᠪᠴᠠᠰᠤ ᠬᠤᠨᠠᠷ ᠢ ᠰᠢᠯᠭᠠᠨ ᠪᠠᠶᠢᠴᠠᠭᠠᠬᠤ ᠪᠠᠷ ᠳᠠᠮᠵᠢᠵᠤ 32% ᠨᠢ ᠬᠢᠷᠢ ᠲᠡᠩᠴᠡᠬᠦ  ᠦᠭᠡᠢ  ᠪᠠᠶᠢᠬᠤ  ᠵᠢ‌ ᠣᠯᠵᠤ ᠮᠡᠳᠡᠭᠰᠡᠨ ᠪᠠᠶᠢᠨ᠎ᠠ᠃

ᠡᠭᠦᠨ ᠳᠤ ᠭᠤᠣᠯᠳᠠᠭᠤ ᠬᠤᠶᠠᠷ ᠲᠠᠯ᠎ᠠ ᠶᠢᠨ ᠠᠰᠠᠭᠤᠳᠠᠯ ᠣᠷᠣᠰᠢᠵᠤ ᠪᠠᠶᠢᠨ᠎ᠠ᠃ ᠨᠢᠭᠡ ᠳᠤ᠂ ᠵᠠᠷᠢᠮ ᠬᠤᠪᠴᠠᠰᠤᠨ ‍ᠣ‌ ᠦᠢᠯᠡᠳᠪᠦᠷᠢ ᠬᠤᠪᠴᠠᠰᠤᠨ ᠤ ᠥᠩᠭᠡ ᠶᠢ ᠤᠯᠠᠮ ᠰᠠᠶᠢᠬᠠᠨ ᠪᠣᠯᠭᠠᠵᠤ᠂ ᠵᠠᠭᠪᠤᠷ ᠢ ᠨᠢ ᠪᠠᠲᠤᠯᠠᠬᠤ ᠪᠠ ᠥᠪᠡᠷ ᠤᠨ ᠥᠷᠲᠡᠭ‌‍  ᠢᠶᠠᠨ ᠪᠠᠭᠤᠷᠠᠭᠤᠯᠬᠤ ᠶᠢᠨ ᠲᠥᠯᠥᠭᠡ ᠳᠦᠷᠢᠮ ᠠᠴᠠ ᠵᠥᠷᠢᠴᠡᠵᠦ ᠦᠨᠦᠷᠲᠦ ᠠᠮᠢᠨ(芳香胺)᠂  ᠰᠢᠷᠭᠤᠯᠵᠢ  ᠵᠢᠨ‌‍ ᠬᠦ᠋ᠴᠢᠯ ᠤᠨ ᠠᠯᠳᠧᠭᠢᠳ᠋ (甲醛)ᠵᠡᠷᠭᠡ ᠬᠥᠮᠥᠨ ᠤ ᠪᠡᠶ᠎ᠡ ᠳᠤ ᠬᠤᠣᠷᠲᠠᠢ ᠬᠢᠮᠢ ᠶᠢᠨ ᠪᠣᠳᠠᠰ ᠢ ᠬᠡᠷᠡᠭᠯᠡᠵᠦ  ᠪᠠᠶᠢᠨ᠎ᠠ᠃ ᠡᠳᠡᠭᠡᠷ ᠬᠤᠣᠷᠲᠤ ᠪᠣᠳᠠᠰ ᠨᠢ ᠠᠷᠠᠰᠤ  ᠪᠠᠷ  ᠳᠠᠮᠵᠢᠭᠠᠳ  ᠬᠥᠮᠥᠨ  ᠤ  ᠪᠡᠶ᠎ᠡ  ᠳᠤ  ᠰᠢᠩᠭᠡᠵᠦ᠂ ᠬᠠᠪᠤᠩᠨᠠᠬᠤ᠂ ᠤᠯᠠᠶᠢᠵᠤ‌ ᠵᠠᠭᠠᠲᠤᠨᠠᠬᠤ᠂ ᠴᠢᠨᠠᠭᠰᠢᠯᠠᠨ ᠡᠳᠦᠷ ᠤᠨ ᠤᠳᠠᠭᠠᠨ ᠳᠠᠭᠠᠨ ᠦᠮᠡᠨ ᠡᠪᠡᠳᠴᠢᠨ  ᠡᠭᠦᠰᠬᠡᠵᠦ  ᠮᠡᠳᠡᠬᠦ  ᠪᠥᠭᠡᠳ ᠬᠡᠷᠡᠭᠯᠡᠭᠴᠢᠳ‌ ᠡᠳᠡᠭᠡᠷ ᠬᠢᠮᠢ ᠶᠢᠨ ᠪᠣᠳᠠᠰ ᠢ ᠣᠯᠵᠤ ᠮᠡᠳᠡᠬᠦ ᠳᠤ ᠠᠮᠠᠷ ᠦᠭᠡᠢ ᠪᠠᠶᠢᠳᠠᠭ᠃

ᠬᠤᠶᠠᠷ ᠲᠤ᠂ ᠵᠠᠷᠢᠮ ᠬᠤᠪᠴᠠᠰᠤᠨ ᠤ ᠦᠢᠯᠡᠳᠪᠦᠷᠢ ᠥᠪᠡᠷ ᠤᠨ ᠪᠠᠷᠠᠭ᠎ᠠ ᠪᠦᠲᠦᠭᠡᠭᠳᠡᠬᠦᠨ  ᠢᠶᠠᠨ  ᠨᠠᠷᠠ  ᠰᠠᠯᠬᠢᠨ‌ᠡᠴᠠ ᠬᠠᠯᠬᠠᠯᠠᠬᠤ ᠪᠤᠶᠤ ᠴᠠᠰᠤ ᠪᠣᠷᠣᠭᠠᠨ ᠳᠤ ᠨᠣᠷᠬᠤ ᠦᠭᠡᠢ᠂ ᠬᠥᠯᠥᠰᠦ ᠰᠢᠩᠭᠡᠭᠡᠵᠦ  ᠬᠤᠷᠳᠤᠨ  ᠬᠠᠲᠠᠬᠤ ᠵᠡᠷᠭᠡ ᠣᠯᠠᠨ‌ ᠵᠦ᠋ᠢᠯ ᠤᠨ ᠦᠢᠯᠡᠳᠦᠯ ᠴᠢᠳᠠᠪᠬᠢ ᠲᠠᠢ ᠭᠡᠵᠦ ᠥᠰᠬᠡᠭᠡᠨ ᠲᠦᠰᠭᠡᠭᠡᠨ ᠲᠠᠢ ᠶᠠᠷᠢᠵᠤ᠂ ᠥᠨᠳᠥᠷ ᠦᠨ᠎ᠡ ᠪᠠᠷ ᠬᠤᠳᠠᠯᠳᠤᠳᠠᠭ᠃ᠭᠡᠪᠡᠴᠦ ᠤᠯᠤᠰ ᠤᠨ ᠨᠡᠬᠡᠮᠡᠯ ᠤᠨ ᠵᠦᠢᠯ ᠤᠨ ᠶᠠᠰᠤ ᠴᠢᠨᠠᠷ ᠢ ᠰᠢᠯᠭᠠᠨ ᠪᠠᠶᠢᠴᠠᠭᠠᠬᠤ ᠲᠥᠪ ᠭᠠᠵᠠᠷ ᠤᠨ ᠰᠢᠯᠭᠠᠨ ᠪᠠᠶᠢᠴᠠᠭᠠᠬᠤ‌‍ ᠪᠠᠷ ᠳᠠᠮᠵᠢᠵᠤ᠂ ᠬᠡᠳᠦᠨ ᠵᠠᠭᠤ ᠴᠢᠨᠠᠭᠰᠢᠯᠠᠭᠠᠳ ᠬᠡᠳᠦᠨ ᠮᠢᠩᠭᠠᠨ ᠲᠥᠭᠦᠷᠢᠭ ᠢᠶᠠᠷ ᠬᠤᠳᠠᠯᠳᠤᠵᠤ ᠪᠠᠶᠢᠭ᠎ᠠ ᠡᠶᠢᠮᠦᠷᠬᠦ ᠦᠢᠯᠡᠳᠦᠯ‌‍ ᠴᠢᠳᠠᠪᠬᠢ ᠲᠠᠢ ᠬᠤᠪᠴᠠᠰᠤ ᠬᠤᠨᠠᠷ ᠨᠢ ᠦᠨᠡᠨ ᠳᠡᠭᠡᠨ ᠡᠩ ᠤᠨ ᠬᠤᠪᠴᠠᠰᠤ ᠲᠠᠢ ᠳᠡᠮᠡᠢ ᠴᠦ ᠢᠯᠭᠠᠭ᠎ᠠ  ᠦᠭᠡᠢ  ᠶᠢ  ᠣᠯᠵᠤ‌ ᠮᠡᠳᠡᠭᠰᠡᠨ ᠪᠠᠶᠢᠨ᠎ᠠ᠃

ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ  ᠨᠡᠶᠢᠭᠡᠮᠯᠢᠭ  ᠰᠡᠭᠦᠯ‌‍ ᠥᠨ ᠭᠤᠷᠪᠠᠨ ᠵᠢᠯ ᠳᠤ ᠵᠢᠯ ᠪᠣᠯᠭᠠᠨ ᠬᠤᠪᠴᠠᠰᠤ ᠬᠤᠨᠠᠷ᠂ ᠱᠠᠬᠠᠢ ᠭᠤᠲᠤᠯ ᠤᠨ ᠲᠤᠬᠠᠢ ᠬᠡᠷᠡᠭᠯᠡᠭᠴᠢᠳ ᠤᠨ ᠢᠷᠡᠭᠦᠯᠦᠭᠰᠡᠨ 4 ᠠᠴᠠ 6 ᠲᠦᠮᠡᠨ ᠵᠠᠭᠠᠯᠳᠤᠯᠭ᠎ᠠ ᠶᠢ ᠬᠦᠯᠢᠶᠡᠵᠦ ᠠᠪᠳᠠᠭ ᠪᠥᠭᠡᠳ ᠡᠨᠡ ᠨᠢ ᠵᠢᠯ ᠳᠠᠷᠠᠭᠠᠯᠠᠨ ᠨᠡᠮᠡᠭᠳᠡᠬᠦ ᠬᠠᠨᠳᠤᠰᠢ ᠲᠠᠢ ᠪᠠᠶᠢᠨ᠎ᠠ᠃

ᠥᠷᠭᠡᠨ ᠣᠯᠠᠨ ᠬᠡᠷᠡᠭᠯᠡᠭᠴᠢᠳ ᠮᠠᠨᠢ ᠬᠤᠪᠴᠠᠰᠤ ᠬᠤᠨᠠᠷ ᠱᠠᠬᠠᠢ ᠭᠤᠲᠤᠯ ᠬᠤᠳᠠᠯᠳᠤᠵᠤ  ᠠᠪᠬᠤ  ᠳᠠᠭᠠᠨ  ᠢᠲᠡᠭᠡᠯ‌ ᠨᠠᠶᠢᠳᠠᠪᠤᠷᠢᠲᠠᠢ ᠦᠢᠯᠡᠳᠪᠦᠷᠢ ᠪᠣᠯᠣᠨ ᠮᠠᠷᠺ ᠲᠡᠮᠳᠡᠭ ᠢ ᠰᠣᠩᠭᠤᠬᠤ ᠶᠢ ᠠᠳᠡ ᠰᠠᠨᠠᠭᠤᠯᠵᠤ ᠪᠠᠶᠢᠨ᠎ᠠ᠂ ᠡᠭᠦᠨ ᠤ ᠬᠠᠮᠲᠤ ᠥᠪᠡᠷ‌‍ᠥᠨ ᠣᠯᠵᠠ ᠠᠰᠢᠭ ᠢᠶᠠᠨ ᠪᠣᠳᠣᠬᠤ ᠠᠴᠠ ᠭᠠᠳᠠᠨ᠎ᠠ ᠣᠯᠠᠨ ᠲᠦᠮᠡᠨ ᠤ ᠠᠮᠢ ᠨᠠᠰᠤ ᠡᠷᠡᠭᠦᠯ ᠮᠡᠨᠳᠦ ᠶᠢ ᠲᠡᠷᠢᠭᠦᠨ ᠪᠠᠶᠢᠷᠢᠨ ᠳ᠋ᠣ᠋‌‍ᠲ᠋ᠠᠯᠪᠢᠬᠤ ᠶᠢ ᠬᠤᠪᠴᠠᠰᠤᠨ ᠤ ᠦᠢᠯᠡᠳᠪᠦᠷᠢ ᠳᠤ ᠱᠠᠭᠠᠷᠳᠠᠵᠤ ᠪᠠᠶᠢᠨ᠎ᠠ᠃

ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ