cbb330b8-324d-4b3d-ad7a-bfb26e6fc3ea.jpg

ᠲᠦᠷᠦᠭᠦᠬᠡᠨ  ᠾᠸ᠋ᠨᠠᠨ ᠮᠤᠵᠢ ᠶᠢᠨ ᠳ᠋ᠸᠩ ᠹᠸ᠋ᠩ ᠳᠤ ᠪᠤᠯᠤᠬᠰᠠᠨ 2019 ᠤᠨ ᠤ ᠳᠤᠮᠳᠠᠳᠤ ᠡᠮᠦᠨᠡᠲᠤ ᠤᠷᠤᠨ ᠤ ᠬᠠᠮᠲᠤᠷᠠᠯᠴᠠᠭᠠᠨ ᠤ ᠲᠤᠭᠤᠷᠢᠬ ᠤᠨ ᠰᠤᠷ ᠬᠠᠷᠪᠤᠯᠲᠠ ᠶᠢᠨ ᠤᠷᠤᠯᠳᠤᠭᠠᠨ ᠵᠢᠴᠢ ᠪᠦᠬᠦ ᠤᠯᠤᠰ ᠤᠨ ᠰᠤᠷ ᠬᠠᠷᠪᠤᠯᠲᠠ ᠶᠢᠨ ᠤᠷᠢᠯᠭ᠎ ᠠ ᠶᠢᠨ ᠤᠷᠤᠯᠳᠤᠭᠠᠨ ᠳᠤ ᠦᠪᠦᠷ ᠮᠤᠩᠭᠤᠯ ᠤᠨ ᠲᠠᠮᠢᠷᠴᠢᠳ 1 ᠠᠯᠲᠠ᠂ 5 ᠮᠦᠩᠬᠦ᠂ 1 ᠬᠦᠷᠡᠯ ᠮᠸᠳᠠᠯ ᠭᠠᠷᠳᠠᠵᠦ ᠰᠢᠯᠢᠳᠡᠭ ᠠᠮᠵᠢᠯᠲᠠ ᠤᠯᠤᠬᠰᠠᠨ ᠪᠠᠶᠢᠯ᠎ᠠ᠃

5 ᠡᠳᠦᠷ ᠦᠷᠭᠦᠯᠵᠢᠯᠡᠭᠰᠡᠨ ᠡᠨᠡᠬᠦ ᠤᠷᠤᠯᠳᠤᠭᠠᠨ ᠳᠤ 16 ᠮᠤᠵᠢ᠂ ᠬᠤᠲᠠ᠂ ᠦᠪᠡᠷᠲᠡᠭᠡᠨ ᠵᠠᠰᠬᠠᠤ ᠤᠷᠤᠨ ᠤ 221 ᠲᠠᠮᠢᠷᠴᠢᠨ ᠤᠷᠤᠯᠴᠠᠵᠦ᠂ ᠦᠪᠦᠷ ᠮᠤᠩᠭᠤᠯ ᠡᠴᠡ 8 ᠡᠷᠡᠭᠲᠡᠢ᠂ 7 ᠡᠮᠡᠭᠲᠡᠢ ᠲᠠᠮᠢᠷᠴᠢᠨ ᠤᠷᠤᠯᠴᠠᠭᠤᠯᠵᠠᠢ᠃

ᠦᠪᠦᠷ ᠮᠤᠩᠭᠤᠯ ᠤᠨ ᠲᠦᠯᠦᠭᠡᠯᠡᠬᠦ ᠪᠠᠬ ᠤᠨ ᠰᠤᠷᠴᠢᠨ ᠬᠠᠶᠢᠯᠠᠭᠠᠨ ᠡᠮᠡᠭᠲᠡᠢ ᠶᠢᠨ ᠬᠦᠬᠡᠭᠴᠢᠨ ᠪᠠᠬ ᠤᠨ 60 ᠮᠸᠲ᠋ᠷ ᠤᠨ ᠬᠤᠪᠢ ᠬᠦᠮᠦᠨ ᠤ ᠰᠢᠭᠰᠢᠭᠡ ᠤᠷᠤᠯᠳᠤᠭᠠᠨ ᠳᠤ ᠲᠡᠷᠢᠭᠦᠯᠡᠵᠦ᠂ ᠬᠠᠶᠢᠯᠠᠭᠠᠨ᠂ ᠵᠤᠨ᠎ᠠ᠂ ᠴᠠᠰᠤᠨ᠎ᠠ ᠡᠮᠡᠭᠲᠡᠢ ᠶᠢᠨ ᠬᠦᠭᠡᠭᠴᠢᠨ ᠪᠠᠬ ᠤᠨ 60 ᠮᠸᠲ᠋ᠷ ᠤᠨ ᠨᠢᠭᠡᠴᠡ ᠶᠢᠨ ᠰᠢᠭᠰᠢᠭᠡ ᠤᠷᠤᠯᠳᠤᠭᠠᠨ ᠳᠤ ᠳᠡᠳ᠋ᠯᠡᠵᠡᠢ︔ ᠯᠢ ᡁᠢ ᠶᠤᠤ᠂ ᠪᠠᠢ ᠲᠢᠶᠠᠨ ᠰᠢᠤᠢ᠂ ᠯᠢᠤᠢ ᠬᠤᠤ ᠡᠷᠡᠭᠲᠡᠢ ᠶᠢᠨ ᠬᠦᠬᠡᠭᠴᠢᠨ ᠪᠠᠬ ᠤᠨ 60 ᠮᠸᠲ᠋ᠷ ᠤᠨ ᠨᠢᠭᠡᠴᠡ ᠶᠢᠨ ᠰᠢᠭᠰᠢᠭᠡ ᠤᠷᠤᠯᠳᠤᠭᠠᠨ ᠳᠤ ᠳᠡᠳ᠋ᠯᠡᠵᠡᠢ︔ ᠭᠤᠤ ᠪᠦᠸᠸ ᠡᠷᠡᠭᠲᠡᠢ ᠶᠢᠨ ᠬᠦᠭᠡ ᠪᠠᠬ ᠤᠨ 70 ᠮᠸᠲ᠋ᠷ ᠤᠨ ᠬᠤᠪᠢ ᠬᠦᠮᠦᠨ ᠤ ᠰᠢᠭᠰᠢᠭᠡ ᠤᠷᠤᠯᠳᠤᠭᠠᠨ ᠳᠤ ᠳᠡᠳ᠋ᠯᠡᠵᠡᠢ︔ ᠯᠢ ᠳ᠋ᠢ᠂ ᠳ᠋ᠤᠸᠠᠨ ᠸᠸᠨ ᠹᠸᠢ ᠬᠦᠬᠡ ᠪᠠᠬ ᠤᠨ 70 ᠮᠸᠲ᠋ᠷ ᠤᠨ ᠬᠤᠯᠢᠮᠠᠬ ᠨᠢᠭᠡᠴᠡ ᠶᠢᠨ ᠰᠢᠭᠰᠢᠭᠡ ᠤᠷᠤᠯᠳᠤᠭᠠᠨ ᠳᠤ ᠳᠡᠳ᠋ᠯᠡᠵᠡᠢ︔ ᠳ᠋ᠤᠸᠠᠨ ᠸᠸᠨ ᠹᠸᠢ᠂ ᠭᠤᠤ ᠪᠦᠸᠸ᠂ ᠯᠢᠤᠢ ᠮᠢᠩ ᠾᠦᠢ ᠬᠦᠬᠡ ᠪᠠᠬ ᠤᠨ ᠡᠷᠡᠭᠲᠡᠢ ᠶᠢᠨ ᠨᠢᠭᠡᠴᠡ ᠶᠢᠨ ᠰᠢᠭᠰᠢᠭᠡ ᠤᠷᠤᠯᠳᠤᠭᠠᠨ ᠳᠤ ᠭᠤᠷᠪᠠᠳᠤᠭᠠᠷ ᠪᠠᠶᠢᠷᠢᠨ ᠳᠤ ᠲᠤᠳᠤᠷᠠᠵᠠᠢ᠃


ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ