ᠳᠤᠭᠠᠵᠢᠭᠤᠯᠤᠬᠰᠠᠨ ᠴᠠᠭ  ᠦᠶ᠎ᠡ ᠳᠤ  ᠭᠠᠷ  ᠤᠲᠠᠰᠤ᠂  ᠬᠠᠪᠲᠠᠭᠠᠶ  ᠺᠣᠮᠫᠢᠦ᠋ᠲ᠋ᠧᠷ ᠨᠢ  ᠪᠠᠷᠤᠭ  ᠬᠥᠮᠦᠰ ᠤᠨ  ᠪᠡᠶ᠎ᠡ‌ᠮᠠᠬᠠᠪᠣᠳ ᠤᠨ 《ᠳᠠᠭᠠᠯᠲᠠ ᠡᠷᠬᠡᠲᠡᠨ》 ᠪᠣᠯᠵᠤ᠂ ᠬᠦᠮᠦᠰ ᠬᠤᠭᠤᠯᠠ ᠢᠳᠡᠬᠦ᠂ ᠨᠡᠶᠢᠲᠡ ᠶᠢᠨ ᠮᠠᠰᠢᠨ  ᠲᠡᠷᠭᠡ  ᠭᠠᠵᠠᠷ  ᠲᠤᠤᠷᠠᠬᠢ‌ᠭᠠᠯᠳᠤ ᠲᠡᠷᠭᠡᠨ ᠳᠤ ᠰᠠᠭᠤᠬᠤ᠂ ᠵᠣᠷᠯᠣᠩ ᠳᠤ ᠤᠷᠤᠬᠤ᠂ ᠠᠵᠢᠯᠯᠠᠬᠤ᠂ ᠴᠢᠨᠠᠭᠰᠢᠯᠠᠨ ᠤᠨᠲᠠᠬᠤ ᠳᠠᠭᠠᠨ ᠪᠦᠷ  ᠭᠠᠷ  ᠤᠲᠠᠰᠤ ᠪᠠᠨ‌‍ᠪᠠᠷᠢᠵᠤ ᠪᠠᠶᠢᠳᠠᠬ᠃ ᠤᠷᠴᠢᠮᠬᠠᠨ ᠨᠢᠭᠡᠨ ᠪᠠᠶᠢᠴᠠᠭᠠᠯᠲᠠ ᠳᠤ ᠢᠯᠡᠷᠡᠬᠦᠯᠦᠭᠰᠡᠨ ᠢᠶᠠᠷ᠂ ᠣᠳᠣ ᠦᠶ᠎ᠡ ᠶᠢᠨ ᠨᠠᠰᠤᠨ ᠳᠤ ᠬᠦᠷᠦᠭᠰᠡᠳ‌ᠡᠳᠦᠷ ᠪᠦᠷᠢ ᠪᠠᠷᠤᠭ 9 ᠴᠠᠭ ᠳᠡᠯᠭᠡᠴᠡ ᠬᠠᠷᠠᠵᠤ ᠪᠠᠶᠢᠨ᠎ᠠ᠂ ᠡᠨᠡ ᠨᠢ ᠦᠨᠳᠦᠰᠦᠨ ᠳᠡᠭᠡᠨ ᠰᠡᠷᠢᠬᠦᠨ  ᠪᠠᠶᠢᠬᠤ  ᠴᠠᠬ ᠶᠢᠨ  ᠬᠢᠨᠢ‌ᠬᠠᠭᠠᠰ ᠢ ᠡᠵᠡᠯᠡᠵᠦ ᠪᠤᠢ᠃ ᠬᠠᠭᠤᠷᠠᠶ  ᠵᠠᠮ ᠤᠨ  ᠴᠡᠷᠢᠭ ᠤᠨ  ᠡᠮᠨᠡᠯᠭᠡ ᠶᠢᠨ  ᠶᠡᠭᠡ  ᠰᠤᠷᠭᠠᠭᠤᠯᠢ ᠶᠢᠨ  ᠳ᠋ᠠᠫᠢᠩ  ᠡᠮᠨᠡᠯᠭᠡ ᠵᠢᠨ‌ᠬᠤᠷᠢᠶᠠᠨ ᠤ ᠨᠢᠳᠦᠨ ᠰᠠᠯᠠᠭᠠᠨ ᠤ ᠡᠷᠬᠢᠯᠡᠭᠴᠢ ᠡᠮᠴᠢ ᠪᠠᠶ ᠵᠢᠶ ᠠᠴᠠ᠂ ᠭᠠᠷ ᠤᠲᠠᠰᠤ ᠵᠡᠷᠭᠡ ᠡᠯᠧᠺᠲᠷᠤᠨ ᠦᠢᠯᠡᠳᠬᠦᠨ ᠢ  ᠣᠷᠳᠣ‌ᠬᠤᠭᠤᠴᠠᠭ᠎ᠠ ᠪᠠᠷ ᠬᠡᠷᠡᠭᠯᠡᠪᠡᠯ ᠤᠢᠢᠷ᠎ᠠ ᠬᠠᠷᠠᠭ᠎ᠠ ᠶᠢᠨ ᠡᠪᠡᠳᠴᠢᠨ ᠤᠯᠬᠤ ᠨᠣᠷᠮ᠎ᠠ ᠢᠯᠡᠳᠲᠡ ᠳᠡᠭᠡᠭᠰᠢᠯᠡᠨ᠎ᠡ ᠬᠡᠵᠦ ᠰᠠᠨᠠᠭᠤᠯᠵᠠᠢ᠃

《ᠭᠠᠷ ᠤᠲᠠᠰᠤᠨ ᠤ ᠲᠡᠯᠭᠡᠴᠡ ᠶᠢ ᠣᠷᠳᠣ ᠬᠤᠭᠤᠴᠠᠭ᠎ᠠ ᠪᠠᠷ ᠬᠠᠷᠠᠬᠤ ᠶᠢᠨ ᠬᠠᠮᠤᠭ ᠤᠨ ᠰᠢᠭᠤᠳ ᠨᠥᠯᠥᠭᠡ ᠨᠢ  ᠭᠡᠪᠡᠯ‌ ᠬᠠᠷᠠᠭ᠎ᠠ ᠮᠠᠭᠤᠳᠠᠬᠤ ᠶᠠᠪᠤᠳᠠᠯ ᠪᠣᠯᠤᠨ᠎ᠠ》᠃ ᠪᠠᠶ ᠵᠢᠶ ᠬᠡᠯᠡᠬᠦ ᠳᠡᠭᠡᠨ᠂ ᠤᠷᠳᠤ ᠬᠤᠭᠤᠴᠠᠭ᠎ᠠ ᠪᠠᠷ ᠳᠡᠯᠭᠡᠴᠡ ᠶᠢ ᠬᠠᠷᠠᠪᠠᠯ ᠨᠢᠯᠪᠤᠰᠤᠨ‌‍ ᠰᠢᠩᠭᠡᠨ ᠤ ᠰᠢᠭᠦᠷᠡᠯᠲᠡ ᠶᠢ ᠨᠥᠯᠥᠭᠡᠯᠡᠵᠦ᠂ ᠠᠮᠠᠷᠬᠠᠨ  ᠬᠠᠷᠠᠭ᠎ᠠ ᠶᠢ  ᠶᠠᠳᠠᠷᠠᠭᠤᠯᠬᠤ ᠶᠢᠨ  ᠤᠯᠠᠮ ᠢᠶᠠᠷ  ᠤᠢᠢᠷ᠎ᠠ ᠬᠠᠷᠠᠭ᠎ᠠ ᠲᠠᠢ‌‍ᠪᠤᠯᠭᠠᠵᠤ ᠮᠡᠳᠡᠬᠦ ᠪᠤᠶᠤ ᠬᠦᠨᠳᠦᠷᠡᠬᠦᠯᠵᠦ ᠮᠡᠳᠡᠨ᠎ᠡ᠂ ᠪᠠᠰᠠ ᠬᠠᠭᠤᠷᠮᠠᠭ ᠤᠢᠢᠷ᠎ᠠ ᠬᠠᠷᠠᠭ᠎ᠠ ᠶᠢ ᠵᠢᠩᠬᠢᠨᠢ  ᠤᠢᠢᠷ᠎ᠠ  ᠬᠠᠷᠠᠭ᠎ᠠ  ᠪᠣᠯᠭᠠᠨ‌ ᠬᠤᠪᠢᠷᠠᠭᠤᠯᠵᠤ ᠮᠡᠳᠡᠨ᠎ᠡ ᠭᠡᠵᠡᠶ᠃ ᠲᠣᠮᠣ ᠬᠥᠮᠦᠨ ᠳᠤ  ᠠᠪᠴᠤ  ᠬᠡᠯᠡᠪᠡᠯ᠂  ᠣᠷᠳᠣ ᠬᠤᠭᠤᠴᠠᠭ᠎ᠠ ᠪᠠᠷ  ᠳᠡᠯᠭᠡᠴᠡ ᠶᠢ  ᠰᠢᠷᠳᠡᠬᠦ‍‌ ᠦᠶᠡᠰ᠂ ᠨᠢᠳᠦ ᠴᠠᠪᠴᠢᠬᠤ ᠤᠳᠠᠭ᠎ᠠ ᠨᠢ 1 / 3 ᠪᠠᠷ ᠪᠠᠭᠠᠰᠴᠤ᠂ ᠨᠢᠳᠦᠨ ᠴᠡᠴᠡᠭᠡᠶ ᠶᠢᠨ ᠭᠠᠳᠠᠷᠭᠤ ᠶᠢᠨ ᠨᠢᠯᠪᠤᠰᠤᠨ  ᠰᠢᠩᠭᠡᠨ ᠢ‌‍ᠶᠡᠬᠡᠪᠡᠷ ᠠᠭᠤᠷᠰᠢᠭᠤᠯᠵᠤ᠂ ᠨᠢᠳᠦ ᠶᠢ ᠬᠠᠭᠤᠷᠠᠶᠢᠰᠢᠭᠤᠯᠳᠠᠬ᠂  ᠨᠢᠯᠪᠤᠰᠤᠨ  ᠰᠢᠩᠭᠡᠨ  ᠠᠭᠤᠷᠰᠢᠬᠤ  ᠪᠤᠯ  ᠨᠢᠳᠦ ᠬᠠᠭᠤᠷᠠᠶᠢᠰᠢᠬᠤ‌  ᠡᠪᠡᠳᠴᠢᠨ ᠡᠭᠦᠰᠬᠦ ᠶᠢᠨ ᠭᠤᠣᠯ ᠰᠢᠯᠲᠠᠭᠠᠨ ᠤ ᠨᠢᠭᠡ ᠪᠣᠯᠤᠨ᠎ᠠ᠃ ᠲᠤᠭ᠎ᠠ ᠪᠠᠷᠢᠮᠲᠠ ᠳᠤ ᠢᠯᠡᠷᠡᠬᠦᠯᠦᠭᠰᠡᠨ ᠢ ᠦᠨᠳᠦᠰᠦᠯᠡᠪᠡᠯ᠂  ᠵᠢᠯ‌‍  ᠪᠦᠷᠢ ᠶᠢᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢ ᠨᠠᠷ ᠤᠨ ᠨᠢᠳᠦᠨ ᠰᠢᠯ ᠲᠠᠭᠠᠷᠠᠭᠤᠯᠬᠤ  ᠨᠠᠰᠤ  ᠵᠢᠯ ᠨᠢ  《ᠤᠯᠠᠮ ᠵᠶ᠋ᠠᠷ‌ ᠵᠠᠯᠠᠭᠤᠵᠢᠵᠦ》᠂ ᠪᠠᠷᠤᠬ 2 ~ 3 ᠨᠠᠰᠤ ᠤᠷᠢᠳᠴᠢᠯᠠᠵᠤ ᠪᠠᠶᠢᠬᠤ  ᠪᠦᠭᠡᠳ  ᠨᠢᠳᠦᠨ  ᠰᠢᠯ ᠵᠡᠬᠦᠬᠦ ᠰᠤᠷᠤᠬᠴᠢ ᠶᠢᠨ ᠲᠤᠭ᠎ᠠ‌ ᠤᠯᠠᠮ ᠢᠶᠠᠷ ᠤᠯᠠᠰᠢᠷᠠᠵᠤ ᠪᠠᠶᠢᠨ᠎ᠠ᠃ ᠰᠤᠷᠤᠭᠴᠢᠳ ᠤᠨ ᠨᠢᠳᠦ ᠪᠠᠨ ᠬᠡᠷᠡᠭᠯᠡᠬᠦ ᠨᠣᠷᠮ᠎ᠠ ᠥᠨᠳᠥᠷ ᠪᠤᠯᠵᠤ ᠪᠠᠶᠢᠬᠤ ᠶᠢᠨ ᠲᠡᠭᠡᠷ᠎ᠡ ᠨᠢ‌‍ ᠪᠠᠰᠠ ᠣᠷᠳᠣ ᠬᠤᠭᠤᠴᠠᠭ᠎ᠠ ᠪᠠᠷ ᠨᠣᠮ ᠪᠢᠴᠢᠭ ᠦᠵᠡᠵᠦ  ᠳᠠᠰᠬᠠᠯ ᠲᠠᠭᠠᠭᠠᠯᠪᠤᠷᠢ ᠪᠠᠨ  ᠬᠢᠬᠦ  ᠴᠢᠬᠤᠯᠠᠲᠠᠶ  ᠪᠠᠶᠢᠳᠠᠬ᠂  ᠬᠡᠷᠪᠡ‌‍ ᠴᠢᠨᠠᠬᠰᠢᠯᠠᠨ ᠭᠠᠷ ᠤᠲᠠᠰᠤ ᠨᠠᠭᠠᠳᠴᠤ᠂ ᠨᠢᠳᠦ ᠪᠠᠨ ᠠᠮᠠᠷᠠᠭᠤᠯᠬᠤ ᠥᠬᠡᠶ ᠳᠤ ᠬᠦᠷᠪᠡᠯ ᠨᠢᠳᠦ  ᠬᠡᠵᠢᠶᠡᠳᠡ  ᠪᠠᠴᠢᠮ᠂  ᠬᠦᠴᠦᠯᠡᠬᠦ ᠪᠠᠶᠢᠳᠠᠯ ᠳᠤ ᠣᠷᠣᠰᠢᠵᠤ᠂ ᠠᠮᠠᠷᠬᠠᠨ ᠤᠢᠢᠷ᠎ᠠ ᠬᠠᠷᠠᠭ᠎ᠠ ᠲᠠᠢ ᠪᠣᠯᠳᠠᠬ᠃

ᠡᠭᠦᠨ ᠠᠴᠠ ᠭᠠᠳᠠᠨ᠎ᠠ᠂ ᠣᠷᠳᠣ ᠬᠤᠭᠤᠴᠠᠭ᠎ᠠ ᠪᠠᠷ ᠭᠠᠷ  ᠤᠲᠠᠰᠤ  ᠨᠠᠭᠠᠳᠪᠡᠯ ᠤᠨᠵᠢᠭᠢᠷ  ᠠᠨᠢᠰᠬ᠎ᠠ ᠲᠠᠢ  ᠪᠤᠯᠬᠤ ᠵᠢ‌‍ ᠲ᠋ᠦ᠋ᠷᠭᠡᠳᠭᠡᠵᠦ ᠮᠡᠳᠡᠨ᠎ᠡ᠃ ᠡᠩ ᠤᠨ ᠪᠠᠶᠢᠳᠠᠯ ᠳᠣᠣᠷ᠎ᠠ᠂ ᠤᠨᠵᠢᠬᠢᠷ ᠠᠨᠢᠰᠬ᠎ᠠ ᠪᠣᠯ ᠨᠢᠳᠦᠨ ᠤ ᠤᠬᠤᠷᠬᠠᠶ ᠶᠢᠨ ᠡᠷᠭᠢᠨ ᠲᠣᠭᠤᠷᠢᠨ ‍ᠤ‌ ᠥᠭᠡᠬᠦᠯᠢᠭ ᠪᠤᠯᠴᠢᠩ ᠵᠢᠴᠢ ᠰᠢᠷ᠎ᠠ ᠬᠠᠯᠢᠰᠤ ᠰᠤᠯᠠᠷᠠᠬᠰᠠᠨ ᠠᠴᠠ ᠪᠤᠯᠵᠤ ᠭᠠᠷᠳᠠᠬ᠃ ᠬᠡᠷᠪᠡ ᠡᠳᠦᠷᠵᠢᠨ ᠳᠡᠯᠭᠡᠴᠡ ᠶᠢ ᠰᠢᠷᠲᠡᠵᠦ᠂ᠨᠢᠳᠦ ᠪᠠᠨ ᠬᠡᠲᠦᠷᠡᠳᠡᠯ᠎ᠡ ᠬᠡᠷᠡᠭᠯᠡᠬᠦ ᠳᠤ ᠬᠦᠷᠪᠡᠯ᠂ ᠨᠢᠳᠦᠨ ᠤ ᠲᠣᠭᠤᠷᠢᠨ ᠤ ᠪᠤᠯᠴᠢᠩ ᠠᠮᠠᠷᠬᠠᠨ ᠶᠠᠳᠠᠷᠠᠭᠠᠳ ᠨᠢᠳᠦᠨ ᠤ ᠬᠡᠰᠡᠭ ‍ᠤᠨ‌‍ᠴᠢᠰᠤᠨ ᠤ ᠡᠷᠭᠢᠯᠲᠡ ᠶᠢ ᠨᠥᠯᠥᠭᠡᠯᠡᠵᠦ᠂ ᠦᠳᠡᠯᠡᠬᠦᠨ  ᠪᠠᠶᠢᠳᠠᠯ ᠳᠤ  ᠤᠷᠤᠭᠤᠯᠳᠠᠬ᠃ ᠳᠡᠯᠭᠡᠴᠡ ᠨᠢ  ᠨᠢᠳᠦ ᠶᠢ  ᠭᠡᠮᠲᠦᠭᠡᠬᠦ ᠪᠠᠷ‌‍ᠪᠠᠷᠠᠬᠤ ᠥᠬᠡᠶ᠂ ᠪᠠᠰᠠ 30 % ᠣᠷᠴᠢᠮ ᠤᠨ  ᠬᠥᠮᠥᠰ  ᠣᠷᠳᠣ  ᠬᠤᠭᠤᠴᠠᠭ᠎ᠠ ᠪᠠᠷ  ᠭᠠᠷ  ᠤᠲᠠᠰᠤ᠂ ᠺᠣᠮᠫᠢᠦ᠋ᠲ᠋ᠧᠷ  ᠵᠡᠷᠭᠡ‌ ᠡᠯᠧᠺᠲᠷᠤᠨ ᠦᠢᠯᠡᠳᠭᠦᠨ ᠬᠡᠷᠡᠭᠯᠡᠭᠰᠡᠨ ᠠᠴᠠ ᠪᠣᠯᠵᠤ᠂ ᠬᠦᠵᠦᠭᠦᠦ ᠡᠪᠡᠳᠬᠦ᠂ ᠮᠥᠷᠥ ᠡᠪᠡᠳᠬᠦ᠂  ᠪᠠᠭᠤᠤ ᠶᠢᠨ  ᠬᠡᠰᠡᠭ  ᠡᠪᠡᠳᠬᠦ  ᠵᠡᠷᠭᠡ ᠡᠪᠡᠳᠴᠢᠨ ᠤᠯᠵᠦ ᠪᠠᠶᠢᠬᠤ ᠶᠢ ᠰᠢᠶᠠᠩᠭᠠᠡᠭ ᠤᠨ ᠪᠠᠶᠢᠭᠠᠯᠢ ᠲᠧᠭᠨᠢᠩ ᠤᠨ ᠤᠬᠠᠭᠠᠨ ᠤ  ᠶᠡᠭᠡ  ᠰᠤᠷᠭᠠᠭᠤᠯᠢ ᠶᠢᠨ  ᠨᠢᠭᠡᠨ‌‍ ᠪᠠᠶᠢᠴᠠᠭᠠᠯᠳᠠ ᠠᠴᠠ ᠤᠯᠵᠤ ᠮᠡᠳᠡᠭᠰᠡᠨ ᠪᠠᠶᠢᠨ᠎ᠠ᠃

ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ