1.jpg

3 ᠳ᠋ᠤᠭᠠᠷ ᠰᠠᠷ᠎ᠠ ᠶᠢᠨ 24 ᠤ ᠡᠳᠦᠷ᠂ 2019 ᠣᠨ ᠤ ᠪᠦᠬᠦ ᠤᠯᠤᠰ ᠤᠨ ᠵᠢᠦᠳᠣᠣ ᠪᠥᠬᠡ ᠶᠢᠨ ᠮᠠᠩᠯᠠᠶ ᠰᠢᠯᠭᠠᠷᠠᠭᠤᠯᠬᠤ ᠤᠷᠤᠯᠳᠤᠭᠠᠨ ᠭᠤᠸᠠᠩᠳᠦ᠋ᠩ ᠮᠤᠵᠢ ᠶᠢᠨ ᠰᠧ ᠬᠤᠢ ᠬᠤᠳᠠ ᠳᠤ ᠥᠨᠳᠥᠷᠯᠡᠪᠡ᠃ ᠲᠤᠰᠤᠳᠠᠭᠠᠨ ᠤ ᠤᠷᠤᠯᠳᠤᠭᠠᠨ ᠳᠤ᠂ ᠥᠪᠥᠷ ᠮᠣᠩᠭᠤᠯ ᠤᠨ ᠲᠠᠮᠢᠷᠴᠢᠨ ᠨᠡᠶᠢᠲᠡ 5 ᠠᠯᠲᠠᠨ ᠮᠧᠳᠠᠯ 1 ᠮᠥᠩᠭᠦᠨᠮᠧᠳᠠᠯ 4 ᠬᠦᠷᠡᠯ ᠮᠧᠳᠠᠯ ᠭᠠᠷᠳᠠᠪᠠ᠃

ᠣᠶᠢᠯᠠᠭᠠᠭᠰᠠᠨ ᠢᠶᠠᠷ᠂ ᠲᠤᠰ ᠤᠳᠠᠭᠠᠨ ᠤ ᠤᠷᠤᠯᠳᠤᠭᠠᠨ 5 ᠡᠳᠦᠷ ᠶᠠᠪᠤᠭᠳᠠᠵᠤ᠂ ᠪᠦᠬᠦ ᠤᠯᠤᠰ ᠤᠨ 56ᠲᠥᠯᠥᠭᠡᠯᠡᠭᠴᠢᠳ ᠤᠨ ᠪᠥᠯᠬᠦᠮ ᠤᠨ 754 ᠲᠠᠮᠢᠷᠴᠢᠨ ᠣᠷᠤᠯᠴᠠᠪᠠ᠃ ᠡᠭᠦᠨ ᠳᠤ᠂ ᠥᠪᠥᠷ ᠮᠣᠩᠭᠤᠯ ᠨᠡᠶᠢᠲᠡ35 ᠡᠷᠡᠭᠲᠡᠢ ᠲᠠᠮᠢᠷᠴᠢᠨ ᠪᠣᠯᠣᠨ 4 ᠡᠮᠡᠭᠲᠡᠢ ᠲᠠᠮᠢᠷᠴᠢᠨ ᠲᠣᠮᠢᠯᠠᠨ 11 ᠳᠡᠰ ᠤᠨ ᠤᠷᠤᠯᠳᠤᠭᠠᠨ ᠳᠤ ᠣᠷᠣᠯᠴᠠᠭᠤᠯᠪᠠ᠃ ᠬᠠᠮᠤᠭ ᠤᠨ ᠡᠴᠦᠰ ᠲᠤ᠂ ᠰᠥᠷᠯᠢᠭ᠂ ᠴᠢᠨᠳᠠᠮᠤᠨᠢ᠂ ᠵᠠᠯᠰᠠᠨ᠂ ᠡᠷᠬᠢᠮᠪᠠᠲᠤ ᠨᠠᠷ ᠲᠤᠰ ᠲᠤᠰᠡᠷᠡᠭᠲᠡᠶ ᠶᠢᠨ 60᠂ 73᠂81 ᠺᠢᠯᠣᠭ᠍ᠷᠠᠮ ᠤᠨ ᠲᠠᠰ ᠪᠣᠯᠣᠨ 100 ᠺᠢᠯᠣᠭ᠍ᠷᠠᠮ ᠤᠨ ᠳᠡᠰ ᠲᠤ ᠮᠠᠩᠯᠠᠶᠢᠯᠠᠵᠤ᠂ᠪᠦᠷᠭᠦᠳ ᠡᠷᠡᠭᠲᠡᠶ ᠶᠢᠨ 90 ᠺᠢᠯᠣᠭ᠍ᠷᠠᠮ ᠤᠨ ᠳᠡᠰ ᠤᠨ ᠬᠤᠶᠠᠳᠤᠭᠠᠷ ᠲᠤ ᠲᠣᠳᠣᠷᠠᠵᠤ᠂ ᠸᠴᠢᠷ᠂ ᠰᠢᠳᠤᠷᠭᠤ᠂ᠨᠠᠶᠢᠷᠠᠭᠴᠢ᠂ ᠪᠦᠬᠡᠪᠢᠯᠢᠭ ᠨᠠᠷ ᠲᠤᠰ ᠲᠤᠰ ᠡᠷᠡᠭᠲᠡᠶ ᠶᠢᠨ 60᠂ 66᠂ 81 ᠺᠢᠯᠣᠭ᠍ᠷᠠᠮ ᠤᠨ ᠲᠡᠰ ᠪᠣᠯᠣᠨ 90 ᠺᠢᠯᠣᠭ᠍ᠷᠠᠮ ᠤᠨ ᠳᠡᠰ ᠤᠨ ᠭᠤᠷᠪᠠᠳᠤᠭᠠᠷ ᠲᠤ ᠲᠣᠳᠣᠷᠠᠵᠤ᠂ ᠰᠢᠭᠤᠷᠭᠠᠨ᠂ ᠠᠮᠤᠷᠴᠣᠭᠲᠤ ᠡᠷᠡᠭᠲᠡᠶ ᠶᠢᠨ 73ᠺᠢᠯᠣᠭ᠍ᠷᠠᠮ ᠤᠨ ᠲᠠᠰ ᠤᠨ ᠲᠠᠪᠤᠳᠤᠭᠠᠷ ᠲᠤ ᠲᠣᠳᠣᠷᠠᠨ᠂ ᠪᠠᠶᠠᠨᠮᠦᠩᠬᠡ᠂ ᠠᠭᠤᠳᠠᠮ ᠲᠤᠰ ᠲᠤᠰ ᠡᠷᠡᠭᠲᠡᠶ ᠶᠢᠨ 66᠂100 ᠺᠢᠯᠣᠭ᠍ᠷᠠᠮ ᠤᠨ ᠳᠡᠰ ᠤᠨ 7 ᠳ᠋ᠤᠭᠠᠷ ᠲᠤ ᠲᠣᠳᠣᠷᠠᠪᠠ᠃ ᠴᠢᠨᠳᠠᠮᠤᠨᠢ᠂ ᠪᠦᠬᠡᠪᠢᠯᠢᠭ ᠥᠪᠥᠷ ᠮᠣᠩᠭᠤᠯ ᠤᠨᠠᠩᠭᠢ ᠶᠢ ᠲᠥᠯᠥᠭᠡᠯᠡᠨ ᠭᠤᠸᠠᠩᠳᠦ᠋ᠩ ᠤᠨ ᠠᠩᠭᠢ᠂ ᠱᠠᠨᠳᠦ᠋ᠩ ᠤᠨ ᠠᠩᠭᠢ᠂ ᠲᠢᠶᠠᠨᠵᠢᠨ ᠤ ᠠᠩᠭᠢ᠂ ᠵᠢᠶᠠᠩᠰᠦ ᠶᠢᠨ ᠠᠩᠭᠢ᠂《 8 · 1》  ᠨᠠᠨᠴᠠᠩ ᠤᠨ ᠠᠩᠭᠢ ᠯᠦᠭᠡ ᠬᠤᠯᠪᠣᠭᠠᠲᠤ ᠳᠥᠷᠪᠡᠳᠦᠭᠡᠷ ᠠᠩᠭᠢ ᠶᠢᠵᠣᠬᠢᠶᠠᠨ ᠪᠠᠶᠢᠭᠤᠯᠵᠤ ᠬᠤᠯᠢᠮᠠᠭ ᠤᠷᠤᠯᠳᠤᠭᠠᠨ ᠳᠤ ᠮᠠᠩᠯᠠᠶᠢᠯᠠᠵᠠᠶ᠃

ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ