《ᠬᠠᠪᠤᠷ  ᠵᠤᠵᠠᠭᠠᠯᠠᠬᠤ 》 ᠭᠡᠳᠡᠭ ᠨᠢ  ᠬᠠᠪᠤᠷ  ᠠᠭᠤᠷ  ᠠᠮᠢᠰᠬᠤᠯ  ᠰᠠᠶ᠋ᠢ  ᠳᠤᠯᠠᠭᠠᠷᠠᠵᠤ  ᠪᠠᠶᠢᠬᠤ  ᠣᠶᠶ᠎ᠠ ᠳᠤ᠂ᠬᠤᠪᠴᠠᠰᠤ ᠪᠠᠨ ᠬᠡᠲᠦ ᠡᠷᠲᠡ ᠨᠢᠮᠬᠡᠯᠡᠵᠦ ᠪᠣᠯᠬᠤ ᠥᠬᠡᠶ ᠶᠢ ᠰᠠᠨᠠᠭᠤᠯᠤᠭᠰᠠᠨ  ᠤᠴᠢᠷ᠃  ᠬᠠᠪᠤᠷ  ᠴᠠᠭ  ᠠᠭᠤᠷ  ᠠᠮᠢᠰᠬᠤᠯ‌‍ᠲ᠋ᠣᠭᠲᠠᠪᠤᠷᠢ ᠦᠭᠡᠢ ᠬᠦᠢᠲᠡᠨ ᠳᠤᠯᠠᠭᠠᠨ ᠨᠢ ᠬᠤᠪᠢᠷᠠᠯᠲᠠ ᠶᠡᠬᠡᠲᠡᠶ᠂ ᠠᠭᠤᠷ ᠠᠮᠢᠰᠬᠤᠯ ᠴᠠᠭ ᠢᠮᠠᠭᠲᠠ ᠬᠤᠪᠢᠷᠠᠵᠤ ᠪᠠᠶᠢᠬᠤ ᠵᠢᠨ‌ᠵᠡᠷᠭᠡᠴᠡᠭᠡ ᠪᠠᠺᠲ᠋ᠧᠷᠢ ᠸᠢᠷᠦ᠋ᠰ ᠴᠦ ᠤᠯᠠᠨ ᠪᠣᠯᠳᠠᠭ᠂ ᠬᠢᠮᠤᠷᠠᠭ᠎ᠠ ᠳᠤ  ᠨᠡᠷᠪᠡᠭᠳᠡᠬᠦ  ᠨᠣᠷᠮ᠎ᠠ ᠨᠢ  ᠨᠡᠯᠢᠶᠡᠳ  ᠥᠨᠳᠥᠷ  ᠪᠠᠶᠢᠵᠤ᠂ᠳᠠᠬᠢᠨ ᠳᠠᠪᠲᠠᠨ ᠡᠭᠦᠰᠬᠦ ᠸᠢᠷᠦ᠋ᠰ ᠤᠨ ᠴᠢᠨᠠᠷᠲᠠᠶ ᠲᠠᠭᠰᠢᠭᠤᠷ ᠨᠢ ᠰᠠᠮᠠᠯᠳᠠᠭ ᠤᠨ ᠦᠷᠪᠢᠰᠦᠯ ᠢ ᠬᠠᠮᠤᠭ ᠠᠮᠠᠷᠬᠠᠨ ᠡᠭᠦᠰᠭᠡᠳᠡᠭ᠃

ᠬᠥᠮᠦᠨ ᠤ ᠪᠡᠶ᠎ᠡ ᠶᠢᠨ ᠡᠰᠡᠷᠭᠦᠴᠡᠬᠦ  ᠴᠢᠳᠠᠪᠤᠷᠢ  ᠳᠣᠣᠷ᠎ᠠ  ᠪᠠᠶᠢᠳᠠᠯ  ᠳᠣᠣᠷ᠎ᠠ᠂  ᠠᠮᠢᠰᠬᠤᠯ ᠤᠨ  ᠳᠡᠭᠡᠳᠦ  ᠵᠠᠮ ‍ᠤᠨ‌ᠬᠠᠯᠳᠠᠪᠤᠷᠢᠯᠠᠯ ᠳᠤ ᠠᠮᠠᠷᠬᠠᠨ ᠨᠡᠷᠪᠡᠭᠳᠡᠵᠦ᠂ ᠪᠠᠺᠲ᠋ᠧᠷᠢ  ᠪᠠ  ᠸᠢᠷᠦ᠋ᠰ  ᠬᠠᠮᠠᠷ ᠤᠨ  ᠬᠥᠨᠳᠡᠢ ᠶᠢᠨ  ᠰᠠᠯᠢᠰᠤᠲᠤ  ᠪᠦᠷᠬᠦᠪᠴᠢ ᠳ᠋ᠤ᠋‌ᠬᠠᠯᠳᠠᠪᠤᠷᠢᠯᠠᠭᠳᠠᠨ ᠲᠦᠷᠭᠡᠨ ᠴᠢᠨᠠᠷᠲᠠᠶ ᠰᠠᠮᠠᠯᠳᠠᠭ ᠤᠨ ᠦᠷᠪᠢᠰᠦᠯ  ᠡᠭᠦᠰᠭᠡᠨ᠎ᠡ᠃  ᠡᠪᠡᠳᠴᠢᠲᠡᠨ  ᠬᠠᠮᠠᠷ  ᠪᠥᠭᠯᠡᠷᠡᠬᠦ᠂  ᠨᠢᠰᠤ‌ᠭᠤᠭᠤᠵᠢᠬᠤ᠂ ᠲᠣᠯᠣᠭᠠᠶ ᠡᠪᠡᠳᠬᠦ᠂ ᠦᠨᠦᠷᠯᠡᠬᠦ ᠰᠡᠷᠡᠯ ᠮᠠᠭᠤᠳᠠᠬᠤ᠂ ᠪᠤᠬᠢᠨᠢᠳᠤᠬᠤ᠂ ᠳᠠᠭᠠᠷᠠᠳᠠᠰᠤ ᠬᠦᠷᠬᠦ᠂ ᠬᠠᠯᠠᠭᠤᠷᠠᠬᠤ᠂ ᠴᠤᠭ‌‍ᠰᠦ᠋ᠯᠳᠡ ᠦᠭᠡᠢ ᠪᠣᠯᠬᠤ ᠵᠢᠴᠢ ᠮᠠᠩᠰᠢᠭᠤᠷᠠᠨ ᠤᠨᠲᠠᠬᠤ ᠵᠡᠷᠭᠡ ᠡᠪᠡᠳᠴᠢᠨ ᠤ ᠰᠢᠨᠵᠢ ᠢᠯᠡᠷᠡᠳᠡᠭ᠂ ᠬᠡᠦᠬᠡᠳ ᠲᠤ  ᠨᠡᠩ  ᠣᠯᠠᠨ‌‍ᠲ᠋ᠣᠬᠢᠶᠠᠯᠳᠤᠳᠠᠭ᠃

ᠲᠦᠷᠭᠡᠨ ᠴᠢᠨᠠᠷᠲᠠᠶ ᠰᠠᠮᠠᠯᠳᠠᠭ ᠤᠨ ᠦᠷᠪᠢᠰᠦᠯ ᠢ ᠬᠡᠷᠪᠡ ᠴᠠᠭ ᠲᠤᠬᠠᠶ ᠳᠤᠨᠢ ᠪᠦᠲᠦᠮᠵᠢᠲᠡᠶ ᠡᠮᠨᠡᠨ ᠵᠠᠰᠠᠬᠤ ᠦᠭᠡᠢ ᠪᠣᠯ‌ᠤᠳᠠᠭᠠᠨ ᠴᠢᠨᠠᠷᠲᠠᠶ ᠰᠠᠮᠠᠯᠳᠠᠭ ᠤᠨ ᠦᠷᠪᠢᠰᠦᠯ ᠪᠣᠯᠵᠤ᠂ ᠤᠷᠳᠤ ᠬᠤᠭᠤᠴᠠᠭ᠎ᠠ ᠪᠠᠷ ᠬᠠᠮᠠᠷ ᠪᠥᠭᠯᠡᠷᠡᠭᠡᠳ ᠶᠡᠭᠡ ᠲᠠᠷᠢᠬᠢ ᠪᠠ ᠪᠦᠬᠦᠪᠡᠶ᠎ᠡ ᠬᠦᠴᠢᠯᠲᠥ᠋ᠷᠥᠭᠴᠢ ᠲᠤᠲᠠᠳᠠᠭ᠂ ᠪᠠᠰᠠ ᠬᠡᠦᠬᠡᠳ ᠤᠨ ᠦᠰᠦᠯᠲᠠ  ᠪᠤᠶᠢᠵᠢᠯᠲᠠ ᠶᠢ  ᠨᠥᠯᠥᠭᠡᠯᠡᠨ᠎ᠡ᠃  ᠲᠡᠷᠡ  ᠮᠥᠷᠲᠡᠭᠡᠨ‌ᠤᠳᠠᠭᠠᠨ ᠴᠢᠨᠠᠷᠲᠠᠶ ᠰᠠᠮᠠᠯᠳᠠᠭ ᠤᠨ ᠦᠷᠪᠢᠰᠦᠯ ᠤᠨ ᠡᠪᠡᠳᠴᠢᠨ ᠤ ᠶᠠᠪᠤᠴᠠ ᠨᠢ ᠤᠷᠳᠤ᠂  ᠡᠮᠨᠡᠨ  ᠵᠠᠰᠠᠬᠤ  ᠦᠶᠡᠯᠡᠯ ᠨᠢ  ᠴᠦ‌ᠤᠷᠳᠤ ᠪᠠᠶᠢᠵᠤ᠂ ᠡᠪᠡᠳᠴᠢᠲᠡᠨ ᠤ ᠠᠵᠤ ᠠᠬᠤᠶ ᠪᠠ ᠠᠮᠢᠳᠤᠷᠠᠯ ᠳᠤ ᠲᠤᠶᠢᠯ ᠤᠨ ᠶᠡᠭᠡ ᠨᠥᠯᠥᠭᠡ ᠦᠵᠡᠭᠦᠯᠳᠡᠭ᠂  ᠬᠦᠨᠳᠦ ᠨᠢ‌‍ᠪᠠᠰᠠ ᠮᠡᠰᠡ ᠵᠠᠰᠠᠯ ᠬᠢᠬᠦ ᠴᠢᠬᠤᠯᠠᠲᠠᠢ ᠪᠠᠶᠢᠳᠠᠭ᠃

ᠡᠶᠢᠮᠦ ᠠᠴᠠ ᠬᠠᠪᠤᠷ ᠡᠮᠤᠰᠭᠡᠯ ᠳᠤ ᠳᠤᠯᠠᠭᠠᠨ ᠢ ᠪᠠᠲᠤᠯᠠᠬᠤ ᠶᠢ ᠴᠢᠬᠤᠯᠠᠴᠢᠯᠠᠵᠤ᠂ ᠠᠭᠠᠵᠢᠮ  ᠠᠭᠠᠵᠢᠮ ᠢᠶᠠᠷ  ᠨᠢᠮᠭᠡᠯᠡᠬᠦᠬᠡᠷᠡᠭᠲᠡᠶ᠃ ᠬᠥᠮᠦᠨ ᠤ ᠪᠡᠶ᠎ᠡ ᠶᠢᠨ ᠳᠣᠣᠷᠠᠳᠤ ᠬᠡᠰᠡᠭ ᠤᠨ ᠴᠢᠰᠤᠨ ᠤ ᠡᠷᠭᠢᠯᠲᠡ ᠨᠢ ᠳᠡᠭᠡᠳᠦ ᠬᠡᠰᠡᠭ ᠠᠴᠠ ᠪᠠᠷᠤᠭᠲᠠᠶ ᠪᠣᠯᠬᠤᠷ᠂ᠬᠦᠢᠲᠡᠨ ᠵᠢᠪᠠᠷ ᠲᠤ ᠠᠮᠠᠷᠬᠠᠨ ᠵᠢᠩᠭᠢᠨᠡᠳᠡᠭ᠂ ᠡᠶᠢᠮᠦ ᠠᠴᠠ  《ᠳᠡᠭᠡᠷ᠎ᠡ  ᠪᠠᠨ  ᠨᠢᠮᠭᠡᠨ  ᠲᠤᠤᠷ᠎ᠠ  ᠪᠠᠨ  ᠵᠤᠵᠠᠭᠠᠨ 》ᠪᠠᠶᠢᠪᠠᠯ‌ ᠵᠣᠬᠢᠨ᠎ᠠ᠃ ᠳᠠᠷᠤᠶ ᠤᠷᠢᠳ ᠢᠶᠠᠷ ᠬᠦᠷᠮ᠎ᠡ ᠪᠠᠨ ᠨᠢᠮᠭᠡᠯᠡᠵᠦ᠂ ᠳᠠᠷᠠᠭ᠎ᠠ ᠨᠢ ᠰᠠᠶ᠋ᠢ ᠠᠭᠠᠵᠢᠮ ᠠᠭᠠᠵᠢᠮ ᠢᠶᠠᠷ ᠨᠢᠮᠭᠡᠯᠡᠵᠦ᠂ ᠱᠠᠬᠠᠢ ᠪᠠᠨ‌‍ᠪᠠᠰᠠ ᠳᠤᠯᠠᠭᠠᠬᠠᠨ ᠡᠮᠦᠰᠬᠦ ᠬᠡᠷᠡᠭᠲᠡᠶ᠃ ᠲᠩᠷᠢ ᠳᠤᠯᠠᠭᠠᠷᠠᠵᠤ ᠬᠥᠯᠥᠰᠥ ᠭᠠᠷᠤᠭᠰᠠᠨ ᠤ ᠳᠠᠷᠠᠭ᠎ᠠ᠂  ᠭᠡᠨᠡᠳᠲᠡ  ᠬᠤᠪᠴᠠᠰᠤ ᠪᠠᠨ‌‍ᠲ᠋ᠠᠶᠢᠯᠵᠤ ᠪᠣᠯᠬᠤ ᠦᠭᠡᠢ᠂ ᠬᠤᠪᠴᠠᠰᠤᠨ ᠤ ᠲᠣᠪᠴᠢ ᠪᠠᠨ ᠲᠠᠶᠢᠯᠵᠤ᠂ ᠬᠥᠯᠥᠰᠥ ᠠᠶᠠᠨᠳᠠᠭᠠᠨ  ᠬᠠᠲᠠᠭᠰᠠᠨ ᠤ  ᠳᠠᠷᠠᠭ᠎ᠠ  ᠰᠠᠶ᠋ᠢ‌‍ᠲ᠋ᠠᠶᠢᠯᠵᠤ᠂ ᠡᠪᠡᠳᠴᠢᠨ ᠡᠮᠭᠡᠭ  ᠨᠡᠷᠪᠡᠭᠳᠡᠬᠦ ᠠᠴᠠ ᠰᠡᠷᠭᠡᠶᠢᠯᠡᠬᠦ ᠬᠡᠷᠡᠭᠲᠡᠶ᠃ ᠨᠢᠯᠬ᠎ᠠ ᠪᠠᠯᠴᠢᠷ  ᠬᠡᠦᠬᠡᠳ᠂  ᠨᠠᠰᠤᠲᠠᠶᠢᠴᠤᠳ  ᠵᠡᠷᠭᠡ‌ᠡᠪᠡᠳᠴᠢᠨ ᠡᠰᠡᠷᠭᠦᠴᠡᠬᠦ ᠴᠢᠳᠠᠪᠤᠷᠢ ᠠᠨᠠᠢ ᠬᠥᠮᠦᠰ ᠨᠠᠩ ᠠᠩᠬᠠᠷᠬᠤ ᠴᠢᠬᠤᠯᠠᠲᠠᠢ ᠪᠠᠶᠢᠳᠠᠭ᠃ ᠡᠭᠦᠨ ᠠᠴᠠ ᠭᠠᠳᠠᠨ᠎ᠠ᠂  ᠢᠳᠡᠭᠡᠨ‌ᠤᠮᠳᠠᠭᠠᠨ ᠢ ᠲᠡᠩᠴᠡᠭᠦᠷᠢᠲᠡᠶ ᠪᠠᠶᠢᠯᠭᠠᠵᠤ᠂  ᠪᠡᠶ᠎ᠡ ᠶᠢᠨ  ᠲᠠᠮᠢᠷ ᠤᠨ  ᠪᠣᠯᠪᠠᠰᠤᠷᠠᠯ ᠢ  ᠴᠢᠩᠭᠠᠳᠬᠠᠨ᠂  ᠡᠪᠡᠳᠴᠢᠨ  ᠡᠰᠡᠷᠭᠦᠴᠡᠬᠦᠴᠢᠳᠠᠪᠤᠷᠢ ᠪᠠᠨ ᠨᠡᠮᠡᠭᠳᠡᠭᠦᠯᠵᠦ᠂ ᠸᠢᠷᠦ᠋ᠰ ᠤᠨ ᠴᠢᠨᠠᠷᠲᠠᠶ ᠲᠠᠭᠰᠢᠭᠤᠷ ᠡᠭᠦᠰᠬᠦ ᠶᠢ ᠰᠡᠷᠭᠡᠶᠢᠯᠡᠵᠦ᠂ ᠲᠦᠷᠭᠡᠨ ᠴᠢᠨᠠᠷᠲᠠᠶ ᠰᠠᠮᠠᠯᠳᠠᠭ ‍ᠤᠨ‌ᠦᠷᠪᠢᠰᠦᠯ ᠡᠭᠦᠰᠪᠡᠯ᠂ ᠡᠮᠴᠢ ᠶᠢᠨ ᠵᠢᠯᠣᠭᠤᠳᠣᠯᠭ᠎ᠠ ᠳᠣᠤᠷ᠎ᠠ᠂ ᠴᠠᠭ  ᠲᠤᠬᠠᠶ ᠳᠤᠨᠢ  ᠵᠣᠬᠢᠰᠲᠠᠶ  ᠡᠮ  ᠬᠡᠷᠡᠭᠯᠡᠵᠦ᠂ ᠤᠳᠠᠭᠠᠨ‌‍ ᠴᠢᠨᠠᠷᠲᠠᠶ ᠰᠠᠮᠠᠯᠳᠠᠭ ᠤᠨ ᠦᠷᠪᠢᠰᠦᠯ ᠪᠣᠯᠬᠤ ᠠᠴᠠ ᠵᠠᠶᠢᠯᠠᠰᠬᠢᠬᠦ ᠬᠡᠷᠡᠭᠲᠡᠶ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ