1.jpg


ᠬᠠᠪᠤᠷ ᠤᠨ ᠤᠯᠠᠷᠢᠯ ᠪᠤᠯ ᠲᠦᠮᠡᠨ ᠪᠤᠳᠠᠰ ᠠᠮᠢᠯᠠᠳᠠᠭ ᠤᠯᠠᠷᠢᠯ ᠪᠤᠯᠤᠨ᠎ᠠ᠃ ᠡᠮᠨᠡᠯᠬᠡ ᠳᠤ ︽ᠡᠪᠡᠰᠤ ᠤᠷᠭᠤᠮᠠᠯ ᠬᠠᠪᠤᠷ ᠤᠨ ᠤᠯᠠᠷᠢᠯ ᠳᠤ ᠤᠷᠭᠤᠳᠠᠭ ᠲᠠᠢ ᠠᠳᠠᠯᠢ ᠪᠠᠷ ᠡᠯᠢᠬᠡ ᠴᠤ ᠬᠠᠪᠤᠷ ᠤᠨ ᠤᠯᠠᠷᠢᠯ ᠪᠤᠯᠪᠠᠯ ᠴᠢᠳᠠᠪᠤᠷᠢ ᠨᠢᠲᠤᠩ ᠬᠦᠭᠵᠢᠩᠬᠦᠢ ᠪᠤᠯᠳᠠᠭ᠃ ᠡᠶᠢᠮᠤ ᠠᠴᠠ ᠬᠠᠪᠤᠷ ᠤᠨ ᠡᠬᠢᠨ ᠳᠤ ᠡᠯᠢᠬᠡ ᠪᠠᠨ ᠬᠠᠮᠠᠭᠠᠯᠠᠬᠤ ᠨᠢ ᠲᠤᠩ ᠴᠢᠬᠤᠯᠠ︾ ᠬᠡᠳᠡᠭ᠃

ᠤᠰᠤ ᠠᠷᠪᠢᠨ ᠤᠤᠭᠤᠵᠦ ᠬᠤᠤᠷᠳᠤ ᠪᠤᠳᠠᠰ ᠡᠯᠢᠬᠡ ᠶᠢ ᠬᠡᠮᠳᠦᠬᠡᠬᠦ ᠶᠢ ᠪᠠᠭᠠᠰᠬᠠᠨ᠎ᠠ    

ᠬᠠᠪᠤᠷ ᠤᠨ ᠡᠬᠢᠨ ᠳᠤ ᠠᠭᠤᠷ ᠠᠮᠢᠰᠬᠤᠯ ᠬᠦᠢᠳᠡᠨ᠂ ᠭᠠᠨᠭ᠌ ᠬᠠᠭᠤᠷᠡᠢ᠂ ᠤᠰᠤ ᠲᠤᠳᠠᠬᠳᠠᠳᠠᠭ ᠪᠤᠯᠬᠤᠷ ᠢᠯᠡᠬᠦᠦ ᠤᠰᠤ ᠤᠤᠭᠤᠬᠤ ᠨᠢ ᠪᠡᠶ᠎ᠠ ᠶᠢᠨ ᠰᠢᠩᠬᠡᠨ ᠢ ᠨᠦᠬᠦᠪᠦᠷᠢᠯᠡᠨ᠂ ᠴᠢᠰᠦᠨ ᠤ ᠡᠷᠬᠢᠯᠳᠡ ᠶᠢ ᠰᠠᠶᠢᠵᠢᠷᠠᠭᠤᠯᠵᠦ᠂ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠳᠠᠭ᠃ ᠤᠰᠤ ᠢᠯᠡᠬᠦᠦ ᠤᠤᠭᠤᠬᠤ ᠨᠢ ᠪᠤᠯᠴᠢᠷᠬᠠᠢ᠂ ᠨᠦᠢᠷ ᠪᠤᠯᠤᠨ ᠰᠦᠰᠦᠨ ᠰᠢᠩᠬᠡᠨ ᠤ ᠱᠦᠬᠦᠷᠡᠯᠳᠡ ᠶᠢ ᠠᠬᠢᠭᠤᠯᠵᠦ᠂ ᠬᠤᠤᠷᠳᠤ ᠪᠤᠳᠠᠰ ᠢ ᠭᠠᠳᠠᠬᠰᠢᠯᠠᠭᠤᠯᠵᠦ᠂ ᠪᠤᠳᠠᠰ ᠤᠨ ᠰᠤᠯᠢᠯᠴᠠᠭ᠎ᠠ ᠳᠠᠬᠢ ᠬᠠᠶᠠᠬᠳᠠᠮᠠᠯ ᠪᠤᠳᠠᠰ ᠪᠤᠯᠤᠨ ᠬᠤᠤᠷᠳᠤ ᠪᠤᠳᠠᠰ ᠤᠨ ᠡᠯᠢᠬᠡ ᠶᠢ ᠬᠡᠮᠳᠦᠬᠡᠬᠦ ᠶᠢ ᠪᠠᠭᠠᠰᠬᠠᠨ᠎ᠠ᠃

ᠢᠳᠡᠬᠡᠨ ᠢᠶᠠᠨ ᠲᠤᠬᠢᠷᠠᠭᠤᠯᠵᠦ ᠡᠯᠢᠬᠡᠨ ᠤ ᠴᠢᠳᠠᠪᠤᠷᠢ ᠶᠢᠨ ᠬᠡᠪ ᠤᠨ ᠪᠠᠶᠢᠳᠠᠯ ᠢ ᠪᠠᠳᠤᠯᠠᠨ᠎ᠠ 

ᠬᠡᠳᠦᠷᠡᠳᠡᠯ᠎ᠠ ᠢᠳᠡᠬᠦ ᠪᠤᠶᠤ ᠬᠡᠳᠤ ᠦᠯᠦᠰᠬᠦ ᠶᠢ ᠰᠡᠷᠬᠡᠶᠢᠯᠡᠨ᠎ᠠ᠃ ᠬᠡᠳᠦᠷᠡᠳᠡᠯ᠎ᠠ ᠢᠳᠡᠬᠦ ᠪᠠ ᠬᠡᠳᠤ ‍ᠯᠦᠰᠬᠦ ᠨᠢ ᠰᠢᠩᠬᠡᠬᠡᠯᠳᠡ ᠶᠢᠨ ᠰᠢᠩᠬᠡᠨ ᠤ ᠱᠦᠬᠦᠷᠡᠯᠳᠡ ᠶᠢ ᠬᠡᠪ ᠤᠨ ᠪᠤᠰᠤ ᠪᠤᠯᠭᠠᠵᠦ᠂ ᠡᠯᠢᠬᠡᠨ ᠤ ᠴᠢᠳᠠᠪᠤᠷᠢ ᠶᠢᠨ ᠲᠠᠩᠴᠡᠬᠦᠷᠢ ᠶᠢ ᠠᠯᠳᠠᠭᠤᠯᠳᠠᠭ᠃ ᠡᠶᠢᠮᠤ ᠠᠴᠠ᠂ ᠬᠠᠪᠤᠷ ᠤᠨ ᠤᠯᠠᠷᠢᠯ ᠳᠤ ᠢᠳᠡᠬᠡᠨ ᠢᠶᠠᠨ ᠵᠤᠬᠢᠰᠳᠡᠢ ᠲᠠᠩᠴᠡᠬᠦᠯᠬᠦ ᠨᠢ ᠢᠳᠡᠬᠡᠨ ᠤ ᠲᠤᠳᠤᠷᠠᠬᠢ ᠤᠭᠤᠷᠠᠭ᠂ ᠨᠡᠬᠦᠷᠡᠰᠤ ᠤᠰᠤᠨ ᠤ ᠨᠢᠬᠡᠳᠪᠤᠷᠢ᠂ ᠦᠬᠡᠬᠦ᠂ ᠸᠢᠲ᠋ᠠᠮᠢᠨ᠂ ᠡᠷᠦᠳᠡᠰᠤ ᠪᠤᠳᠠᠰ ᠵᠡᠷᠬᠡ ᠶᠢᠨ ᠵᠤᠬᠢᠬᠤ ᠬᠠᠷᠢᠴᠠᠯ ᠢ ᠪᠠᠳᠤᠯᠠᠳᠠᠭ᠃ ᠭᠤᠱᠤᠭᠤᠨ ᠢᠳᠡᠬᠡᠨ ᠪᠠᠭ᠎ᠠ ᠢᠳᠡᠵᠦ᠂ ᠰᠢᠨ᠎ᠠ ᠰᠤᠷᠭᠤᠭ ᠨᠤᠭᠤᠭ᠎ᠠ ᠵᠢᠮᠢᠰ ᠢᠯᠡᠬᠦᠬᠡᠨ ᠢᠳᠡᠭᠡᠷᠡᠢ᠃

ᠠᠷᠢᠬᠢ ᠪᠠᠭ᠎ᠠ ᠤᠤᠭᠤᠵᠦ ᠡᠯᠢᠬᠡᠨ ᠤ ᠠᠷᠭ᠎ᠠ ᠬᠡᠢ ᠶᠢ ᠰᠠᠶᠢᠵᠢᠷᠠᠭᠤᠯᠤᠨ᠎ᠠ

ᠬᠠᠪᠤᠷ ᠤᠨ ᠡᠬᠢᠨ ᠳᠤ ᠠᠷᠢᠬᠢ ᠪᠠᠭ᠎ᠠ ᠤᠤᠭᠤᠬᠤ ᠨᠢ ᠴᠢᠰᠦᠨ ᠤ ᠡᠷᠬᠢᠯᠳᠡ ᠶᠢ ᠰᠠᠶᠢᠵᠢᠷᠠᠭᠤᠯᠬᠤ᠂ ᠡᠯᠢᠬᠡ ᠶᠢᠨ ᠠᠷᠭ᠎ᠠ ᠬᠡᠢ ᠶᠢ ᠰᠠᠶᠢᠵᠢᠷᠠᠭᠤᠯᠬᠤ ᠳᠤ ᠠᠰᠢᠬᠳᠡᠢ᠃ ᠬᠡᠳᠡᠯ᠎ᠠ ᠠᠷᠢᠬᠢ ᠶᠢ ᠬᠡᠳᠤᠷᠡᠳᠡᠯ᠎ᠠ ᠤᠤᠭᠤᠵᠦ ᠪᠤᠯᠬᠤ ᠦᠬᠡᠢ᠃ ᠡᠯᠢᠬᠡ ᠶᠢᠨ ᠰᠫᠢᠷᠲ ᠢ ᠬᠤᠪᠢᠷᠠᠭᠤᠯᠬᠤ ᠴᠢᠳᠠᠪᠤᠷᠢ ᠨᠢ ᠬᠢᠵᠠᠭᠠᠷᠳᠡᠢ ᠪᠤᠯᠬᠤᠷ ᠠᠷᠢᠬᠢ ᠶᠡᠭᠡ ᠤᠤᠭᠤᠪᠠᠯ ᠡᠯᠢᠬᠡ ᠶᠢ ᠬᠡᠮᠳᠦᠬᠡᠬᠦ ᠠᠶᠤᠯᠳᠡᠢ᠃ ᠡᠮᠴᠢᠯᠡᠬᠡᠨ ᠤ ᠰᠤᠳᠤᠯᠭᠠᠨ ᠳᠤ ᠬᠡᠷᠡᠴᠢᠯᠡᠭᠰᠡᠨ ᠢᠶᠠᠷ᠂ ᠪᠡᠶ᠎ᠠ ᠶᠢᠨ ᠬᠦᠨᠳᠤ ᠨᠢ 60 ᠺᠢᠯᠦᠭᠷᠡᠮ ᠡᠷᠡᠬᠦᠯ ᠴᠢᠬᠢᠷᠠᠭ ᠬᠦᠮᠥᠨ ᠡᠳᠦᠷ ᠪᠦᠷᠢ 60 ᠭᠷᠡᠮ ᠤᠨ ᠰᠫᠢᠷᠲ ᠢ ᠬᠤᠪᠢᠷᠠᠭᠤᠯᠵᠤ ᠴᠢᠳᠠᠨ᠎ᠠ᠂ ᠬᠡᠷᠪᠡ ᠬᠡᠮᠵᠢᠶ᠎ᠠ ᠠᠴᠠ ᠨᠢ ᠬᠡᠳᠦᠷᠡᠬᠦᠯᠪᠡᠯ ᠡᠯᠢᠬᠡᠨ ᠤ ᠡᠷᠡᠬᠦᠯ ᠴᠢᠬᠢᠷᠠᠭ ᠢ ᠨᠦᠯᠦᠬᠡᠯᠡᠵᠦ᠂ ᠴᠢᠨᠠᠬᠰᠢᠯᠠᠭᠠᠳ ᠠᠷᠢᠬᠢᠨ ᠳᠤ ᠬᠤᠤᠷᠳᠠᠬᠳᠠᠵᠦ᠂ ᠠᠮᠢ ᠨᠠᠰᠤ ᠶᠢ ᠬᠦᠨᠦᠬᠡᠬᠦ ᠠᠶᠤᠯᠳᠡᠢ᠃

ᠪᠠᠶᠠᠰᠤᠩᠭᠤᠢ ᠪᠠᠶᠢᠵᠦ ᠡᠯᠢᠬᠡᠨ ᠤ ᠬᠡᠢ ᠶᠢ ᠠᠮᠤᠷᠵᠢᠭᠤᠯᠤᠨ᠂ ᠰᠡᠳᠬᠢᠯ ᠰᠠᠨᠠᠭ᠎ᠠ ᠶᠢ ᠲᠤᠬᠳᠠᠪᠤᠷᠢᠵᠢᠭᠤᠯᠤᠨ᠎ᠠ  

ᠪᠠᠶᠠᠰᠤᠩᠭᠤᠢ ᠪᠠᠶᠢᠬᠤ ᠨᠢ ᠬᠦᠮᠥᠨ ᠤ ᠪᠡᠶ᠎ᠠ ᠶᠢᠨ ᠡᠷᠡᠬᠦᠯ ᠮᠡᠨᠳᠤ ᠳᠤ ᠲᠤᠰᠠᠳᠡᠢ᠃ ᠦᠷᠬᠦᠯᠵᠢ ᠠᠭᠤᠷᠯᠠᠵᠦᠤᠴᠠᠭᠠᠷᠯᠠᠪᠠᠯ ᠡᠯᠢᠬᠡᠨ ᠤ ᠴᠢᠰᠤ ᠲᠠᠮᠢᠷ ᠪᠦᠭᠯᠡᠷᠡᠵᠦ᠂ ᠠᠮᠠᠷᠬᠠᠨ ᠡᠪᠡᠳᠴᠢᠨ ᠤᠯᠳᠠᠭ᠃ ᠬᠡᠷᠪᠡ ᠡᠯᠢᠬᠡ ᠪᠠᠨ ᠴᠢᠬᠢᠷᠠᠭᠵᠢᠭᠤᠯᠦᠶ᠎ᠠ ᠬᠡᠪᠡᠯ ᠠᠭᠤᠷ ᠢᠶᠠᠨ ᠲᠠᠷᠤᠬᠤ ᠬᠡᠷᠡᠭᠳᠡᠢ᠃ ᠠᠭᠤᠷᠯᠠᠪᠠᠴᠤ ᠭᠤᠷᠪᠠᠨ ᠮᠢᠨᠦ᠋ᠲ ᠠᠴᠠ ᠢᠯᠡᠬᠦᠦᠠᠭᠤᠷᠯᠠᠵᠦ ᠪᠤᠯᠬᠤ ᠦᠬᠡᠢ᠃ ᠰᠡᠳᠬᠢᠯ ᠰᠠᠨᠠᠭ᠎ᠠ ᠲᠠᠶᠢᠪᠤᠡᠭ ᠲᠤᠬᠳᠠᠭᠤᠨ᠂ ᠪᠠᠶᠠᠰᠤᠩᠭᠤᠢ ᠪᠠᠶᠢᠬᠤ ᠶᠢ ᠪᠠᠳᠤᠯᠠᠬᠤ ᠬᠡᠷᠡᠭᠳᠡᠢ᠃

ᠢᠷᠡᠯᠳᠡ : 

 ᠤᠷᠳᠤᠰ ᠮᠤᠩᠭᠤᠯ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ