ᠠᠨᠠᠷ᠄ ᠰᠢᠮᠡᠰᠤ ᠲᠦᠷᠦᠬᠦᠯᠵᠦ᠂ ᠴᠠᠩᠭᠠᠵᠦ ᠤᠮᠳᠠᠭᠠᠰᠬᠤ ᠶᠢ ᠬᠤᠷᠢᠬᠯᠠᠬᠤ ᠦᠢᠯᠡᠳᠦᠯ ᠲᠠᠢ᠃ ᠰᠢᠯᠦᠰᠤ ᠬᠦᠷᠦᠯᠴᠡᠬᠦ ᠦᠬᠡᠢ᠂ ᠠᠮᠠ ᠬᠠᠭᠤᠷᠠᠶᠢᠰᠢᠨ᠂ ᠬᠤᠭᠤᠯᠠᠢ ᠬᠠᠳᠠᠳᠠᠭ ᠬᠦᠮᠦᠰ ᠠᠨᠠᠷ ᠢ ᠰᠢᠬᠦᠰᠦᠵᠢᠬᠦᠯᠬᠦ ᠪᠤᠶᠤ ᠡᠰᠡᠬᠦᠯ᠎ᠠ ᠠᠨᠠᠷ ᠢ ᠴᠢᠨᠠᠭᠠᠳ ᠤᠤᠭᠤᠪᠠᠯ ᠬᠠᠯᠠᠭᠤᠨ ᠢ ᠲᠠᠭᠤᠵᠦ ᠬᠤᠤᠷ ᠲᠠᠶᠢᠯᠤᠨ᠂ ᠠᠭᠤᠰᠬᠢ ᠶᠢ ᠵᠦᠬᠡᠯᠡᠷᠡᠬᠦᠯᠦᠨ ᠬᠠᠨᠢᠶᠠᠳᠤ ᠶᠢ ᠵᠤᠬᠰᠤᠭᠠᠨ᠎ᠠ᠃

ᠬᠡᠯᠡᠬᠡᠢ ᠰᠠᠷᠠᠨ᠎ᠠ᠄ ᠠᠭᠤᠰᠬᠢ ᠶᠢ ᠵᠦᠬᠡᠯᠡᠷᠡᠬᠦᠯᠦᠨ᠂ ᠬᠠᠨᠢᠶᠠᠳᠤ ᠶᠢ ᠵᠤᠬᠰᠤᠭᠠᠵᠦ᠂ ᠰᠡᠳᠬᠢᠯ ᠰᠠᠨᠠᠭ᠎ᠠ ᠶᠢ ᠲᠠᠶᠢᠪᠤᠷᠢᠰᠢᠷᠠᠭᠤᠯᠤᠨ᠎ᠠ᠃ ᠠᠭᠤᠰᠬᠢᠨ ᠰᠦᠷᠢᠶ᠎ᠠ᠂ ᠰᠠᠯᠪᠤᠷᠢ ᠮᠦᠬᠡᠷᠰᠦᠨ ᠬᠤᠭᠤᠯᠠᠢ ᠶᠢᠨ ᠦᠷᠪᠢᠰᠦᠯ᠂ ᠰᠠᠯᠪᠤᠷᠢ ᠮᠦᠬᠡᠷᠰᠦᠨ ᠬᠤᠭᠤᠯᠠᠢ ᠶᠢᠨ ᠲᠡᠯᠡᠭᠳᠡᠯ ᠪᠤᠯᠤᠨ ᠡᠯ᠎ᠠ ᠵᠦᠢᠯ ᠤᠨ ᠬᠠᠭᠤᠷᠡᠢ ᠠᠴᠠ ᠪᠤᠯᠤᠬᠰᠠᠨ ᠡᠪᠡᠳᠴᠢᠨ ᠬᠡᠮ ᠢ ᠨᠡᠯᠢᠶᠡᠳ ᠪᠦᠳᠦᠮᠵᠢᠳᠡᠢ ᠡᠮᠨᠡᠨ ᠵᠠᠰᠠᠨ᠎ᠠ᠃ ᠬᠡᠯᠡᠬᠡᠢ ᠰᠠᠷᠠᠨ᠎ᠠ ᠶᠢ ᠪᠤᠯᠭᠤᠭᠠᠳ ᠪᠤᠶᠤ ᠴᠢᠨᠠᠭᠠᠳ ᠢᠳᠡᠪᠡᠯ ᠤᠳᠠᠭᠠᠨ ᠡᠳᠦᠷ ᠤᠨ ᠬᠠᠨᠢᠶᠠᠳᠤ᠂ ᠬᠠᠭᠤᠷᠡᠢ ᠬᠠᠨᠢᠶᠠᠳᠤ᠂ ᠬᠤᠭᠤᠯᠠᠢ ᠡᠪᠡᠳᠬᠦ ᠵᠡᠷᠬᠡ ᠬᠡᠮ ᠡᠳᠡᠬᠡᠷᠡᠨ᠎ᠠ᠃

ᠴᠠᠭᠠᠨ ᠲᠠᠯᠳᠠᠤ᠄ ᠴᠠᠭᠠᠨ ᠲᠠᠯᠳᠠᠤ ᠠᠭᠤᠰᠬᠢ ᠶᠢ ᠵᠦᠬᠡᠯᠡᠷᠡᠬᠦᠯᠵᠦ ᠴᠡᠷ ᠢ ᠬᠤᠪᠬᠤᠷᠠᠭᠤᠯᠤᠨ᠂ ᠪᠢᠯᠢᠭ ᠢ ᠲᠡᠵᠢᠬᠡᠨ ᠰᠢᠮᠡᠰᠤ ᠲᠦᠷᠦᠬᠦᠯᠦᠨ᠎ᠠ᠃ ᠨᠤᠭᠤᠭ᠎ᠠ ᠵᠠᠭᠤᠰᠢ ᠬᠢᠬᠦ ᠪᠤᠶᠤ ᠴᠢᠨᠠᠵᠦ ᠰᠢᠯᠵᠠᠯᠠᠭᠠᠳ ᠢᠳᠡᠪᠡᠯ ᠪᠢᠯᠢᠭ ᠤᠨ ᠲᠠᠮᠢᠷ ᠲᠤᠷᠤᠢ᠂ ᠴᠡᠷ ᠦᠬᠡᠢ ᠬᠠᠭᠤᠷᠡᠢ ᠪᠠᠷ ᠬᠠᠨᠢᠶᠠᠬᠤ ᠪᠤᠶᠤ ᠴᠡᠷ ᠠᠷᠪᠢᠳᠬᠤ᠂ ᠬᠤᠭᠤᠯᠠᠢ ᠠᠮᠠ ᠬᠠᠳᠠᠵᠦ ᠴᠠᠩᠭᠠᠬᠤ ᠵᠡᠷᠬᠡ ᠬᠡᠮ ᠢ ᠵᠠᠰᠠᠨ᠎ᠠ᠃ ᠬᠡᠯᠡᠬᠡᠢ ᠰᠠᠷᠠᠨ᠎ᠠ ᠶᠢ ᠡᠬᠡᠳᠡᠩ ᠪᠤᠯᠭᠠᠭᠠᠳ ᠡᠳ᠋ᠯᠡᠪᠡᠯ ᠨᠠᠩ ᠰᠠᠶᠢᠨ ᠡᠮᠴᠢᠯᠡᠬᠡᠨ ᠤ ᠦᠷ᠎ᠠ ᠳ᠋ᠥᠡᠭ ᠳᠤ ᠬᠦᠷᠤᠨ᠎ᠠ᠃

ᠠᠯᠢᠮ᠎ᠠ᠄ ᠬᠠᠯᠭᠠᠤᠨ ᠢ ᠲᠠᠭᠤᠨ᠂ ᠬᠤᠤᠷ ᠲᠠᠶᠢᠯᠵᠦ ᠠᠭᠤᠰᠬᠢ ᠶᠢ ᠵᠦᠬᠡᠯᠡᠷᠡᠬᠦᠯᠦᠨ᠂ ᠰᠢᠮᠡᠰᠤ ᠲᠦᠷᠦᠬᠦᠯᠵᠦ ᠬᠠᠨᠢᠶᠠᠳᠤ ᠶᠢ ᠵᠤᠬᠰᠤᠭᠠᠨ᠂ ᠴᠡᠷ ᠢ ᠬᠤᠪᠬᠤᠷᠠᠭᠤᠯᠤᠨ᠎ᠠ᠃ ᠲᠦᠬᠦᠬᠡᠢ ᠪᠠᠷ ᠢᠳᠡᠬᠦ᠂ ᠤᠮᠳᠠᠭᠠᠨ ᠪᠤᠯᠭᠠᠨ ᠤᠤᠭᠤᠬᠤ᠂ ᠴᠢᠨᠠᠵᠦ ᠢᠳᠡᠬᠦ᠂ ᠪᠤᠴᠠᠯᠭᠠᠵᠦ ᠬᠠᠨᠳᠠᠯᠠᠬᠤ ᠵᠡᠷᠬᠡ ᠨᠢ ᠪᠦᠷ ᠠᠭᠤᠰᠬᠢᠨ ᠬᠠᠯᠠᠭᠤᠨ ᠢᠶᠠᠷ ᠬᠠᠨᠢᠶᠠᠯᠭᠠᠬᠤ ᠂ ᠤᠯᠠᠭᠠᠨ ᠨᠤᠳ ᠪᠤᠯᠤᠨ ᠨᠠᠰᠤᠳᠠᠶᠢᠴᠤᠳ ᠤᠨ ᠪᠤᠬᠰᠢᠭ᠎ᠠ ᠬᠠᠨᠢᠶᠠᠳᠤ᠂ ᠰᠠᠯᠪᠤᠷᠢ ᠮᠦᠬᠡᠷᠡᠰᠦᠨ ᠬᠤᠭᠤᠯᠠᠢ ᠶᠢᠨ ᠦᠷᠪᠢᠰᠦᠯ ᠵᠡᠷᠬᠡ ᠡᠪᠡᠳᠴᠢᠨ ᠬᠡᠮ ᠢ ᠨᠡᠯᠢᠶᠡᠳ ᠪᠦᠳᠦᠮᠵᠢᠳᠡᠢ ᠡᠮᠨᠡᠬᠦ ᠦᠢᠯᠡᠳᠦᠯ ᠲᠠᠢ᠃ ᠬᠡᠷᠪᠡ ᠰᠦᠨ ᠦᠨᠳᠦᠰᠤ ᠂ ᠪᠠᠯ᠂ ᠨᠢᠰᠢᠩᠬᠦ ᠵᠡᠷᠬᠡ ᠲᠠᠢ ᠬᠤᠯᠢᠵᠦ ᠰᠢᠬᠦᠰᠦᠵᠢᠬᠦᠯᠦᠬᠡᠳ ᠤᠤᠭᠤᠪᠠᠯ ᠨᠠᠩ ᠰᠠᠶᠢᠨ ᠦᠷ᠎ᠠ ᠳ᠋ᠥᠡᠭ ᠲᠠᠢ᠃

ᠱᠨᠪᠳᠠᠯ᠎ᠠ᠄ ᠠᠭᠤᠰᠬᠢ ᠶᠢ ᠵᠦᠬᠡᠯᠡᠷᠡᠬᠦᠯᠵᠦ ᠬᠠᠨᠢᠶᠠᠳᠤ ᠶᠢ ᠵᠤᠬᠰᠤᠭᠠᠨ᠂ ᠬᠠᠯᠠᠭᠤᠨ ᠢ ᠲᠠᠭᠤᠵᠦ ᠰᠢᠮᠡᠰᠤ ᠲᠦᠷᠦᠬᠦᠯᠦᠨ᠂ ᠴᠡᠷ ᠬᠤᠪᠬᠤᠷᠠᠭᠤᠯᠬᠤ ᠦᠢᠯᠡᠳᠦᠯ ᠲᠠᠢ᠃ ᠰᠢᠨ᠎ᠠ ᠰᠤᠷᠭᠤᠭ ᠱᠠᠪᠳᠠᠯ᠎ᠠ ᠶᠢ ᠲᠦᠬᠦᠬᠡᠢ ᠪᠠᠷ ᠢᠳᠡᠪᠡᠯ ᠠᠭᠤᠰᠬᠢᠨ ᠰᠦᠷᠢᠶ᠎ᠠ ᠪᠠᠷ ᠬᠠᠨᠢᠶᠠᠯᠭᠠᠬᠤ᠂ ᠬᠤᠭᠤᠰᠤᠨ ᠬᠠᠯᠠᠭᠤᠨ ᠢᠶᠠᠷ ᠴᠤᠭᠤᠷᠤᠬᠤ᠂ ᠬᠠᠨᠢᠶᠠᠯᠭᠠᠵᠦ ᠴᠡᠷ ᠠᠷᠪᠢᠳᠬᠤ ᠵᠡᠷᠬᠡ ᠶᠢ ᠵᠠᠰᠠᠨ᠎ᠠ᠃ ᠪᠤᠯᠪᠠᠰᠤᠷᠠᠬᠰᠠᠨ ᠵᠦᠬᠡᠯᠡᠨ ᠤᠯᠠᠭᠠᠨ ᠱᠠᠪᠳᠠᠯ᠎ᠠ ᠬᠠᠯᠠᠭᠤᠨ ᠡᠪᠡᠳᠴᠢᠨ ᠠᠴᠠ ᠪᠤᠯᠵᠦ ᠤᠮᠳᠠᠭᠠᠰᠬᠤ᠂ ᠠᠮᠠ ᠬᠠᠳᠠᠵᠦ᠂ ᠤᠷᠤᠭᠤᠯ ᠢᠯᠪᠤᠷᠠᠬᠤ᠂ ᠲᠤᠳᠤᠷ ᠪᠤᠬᠢᠨᠢᠳᠤᠨ ᠬᠠᠯᠠᠭᠤᠷᠠᠬᠤ ᠵᠡᠷᠬᠡ ᠬᠡᠮ ᠢ ᠡᠮᠴᠢᠯᠡᠬᠦ ᠦᠢᠯᠡᠳᠦᠯ ᠲᠠᠢ᠃

ᠦᠵᠦᠮ᠄ ᠡᠯᠢᠬᠡ ᠪᠦᠬᠡᠷᠡᠨ ᠳᠤ ᠲᠡᠵᠢᠬᠡᠯ ᠨᠦᠬᠦᠵᠦ᠂ ᠬᠡᠢ ᠴᠢᠰᠦᠨ ᠤ ᠡᠷᠬᠢᠯᠳᠡ ᠶᠢ ᠰᠠᠶᠢᠵᠢᠷᠠᠭᠤᠯᠤᠨ᠂ ᠰᠢᠮᠡᠰᠤ ᠲᠦᠷᠦᠬᠦᠯᠦᠨ᠂ ᠰᠢᠬᠡᠯᠬᠡᠬᠦ ᠵᠡᠷᠬᠡ ᠦᠢᠯᠡᠳᠦᠯ ᠲᠠᠢ᠃ ᠲᠦᠬᠦᠬᠡᠢ ᠪᠠᠷ ᠢᠳᠡᠪᠡᠯ ᠪᠢᠯᠢᠭ ᠢ ᠲᠡᠵᠢᠬᠡᠨ᠂ ᠪᠤᠬᠢᠨᠢᠳᠤᠯ ᠢ ᠲᠠᠶᠢᠯᠵᠦ᠂ ᠰᠢᠬᠦᠰᠦᠵᠢᠬᠦᠯᠤᠬᠡᠳ ᠪᠠᠯ ᠲᠠᠢ ᠴᠢᠨᠠᠵᠦ ᠬᠠᠨᠳᠠᠯᠠᠭᠠᠳ ᠬᠠᠯᠠᠭᠤᠨ ᠤᠰᠤ ᠪᠠᠷ ᠤᠤᠭᠤᠪᠠᠯ ᠪᠤᠬᠢᠨᠢᠳᠤᠨ ᠬᠠᠯᠠᠭᠤᠷᠠᠵᠦ᠂ ᠠᠮᠠ ᠬᠠᠳᠠᠵᠦ ᠴᠠᠩᠭᠠᠬᠤ ᠵᠡᠷᠬᠡ ᠳᠤ ᠤᠨᠴᠠ ᠲᠤᠰᠡᠳᠡᠢ᠃

ᠯᠤᠤᠪᠠᠨᠭ᠌᠄ ᠬᠠᠯᠠᠭᠤᠨ ᠢ ᠲᠠᠭᠤᠵᠦ᠂ ᠴᠠᠷ ᠢ ᠬᠤᠪᠬᠤᠷᠠᠭᠤᠯᠤᠨ᠂ ᠰᠢᠮᠡᠰᠤ ᠲᠦᠷᠦᠬᠦᠯᠵᠦ᠂ ᠬᠠᠨᠢᠶᠠᠳᠤ ᠶᠢ ᠵᠤᠬᠰᠤᠭᠠᠨ᠂ ᠬᠤᠳᠤᠭᠤᠳᠤ ᠶᠢ ᠰᠠᠶᠢᠵᠢᠷᠠᠭᠤᠯᠵᠦ ᠰᠢᠩᠬᠡᠬᠡᠯᠳᠡ ᠳᠤ ᠲᠤᠰᠠᠯᠠᠨ᠎ᠠ᠃ ᠲᠦᠬᠦᠬᠡᠢ ᠪᠠᠷ ᠢᠳᠡᠪᠡᠯ ᠬᠠᠯᠠᠭᠤᠨ ᠡᠪᠡᠳᠴᠢᠨ ᠠᠴᠠ ᠪᠤᠯᠵᠦ ᠴᠠᠩᠭᠠᠬᠤ᠂ ᠠᠭᠤᠰᠬᠢᠨ ᠬᠠᠯᠠᠭᠤᠨ ᠢᠶᠠᠷ ᠬᠠᠨᠢᠶᠠᠯᠭᠠᠬᠤ᠂ ᠴᠡᠷ ᠦᠳᠬᠡᠷᠡᠬᠦ ᠵᠡᠷᠬᠡ ᠬᠡᠮ ᠢ ᠡᠮᠴᠢᠯᠡᠨ᠎ᠠ᠃ ᠬᠡᠷᠪᠡ ᠨᠢᠰᠢᠩᠬᠦ᠂ ᠠᠯᠢᠮ᠎ᠠ᠂ ᠯᠢᠩᠬ᠊ ᠤᠠ᠋ ᠶᠢᠨ ᠦᠨᠳᠦᠰᠤ ᠵᠡᠷᠬᠡ ᠲᠠᠢ ᠴᠤᠭ ᠤᠮᠳᠠᠭᠠᠵᠢᠭᠤᠯᠤᠭᠠᠳ ᠤᠤᠭᠤᠪᠠᠯ ᠨᠠᠩ ᠰᠠᠶᠢᠨ ᠦᠷ᠎ᠠ ᠳ᠋ᠥᠡᠭ ᠭᠠᠷᠤᠨ᠎ᠠ᠃

ᠰᠦᠨ ᠦᠨᠳᠦᠰᠤ᠄ ᠬᠠᠯᠠᠭᠤᠨ ᠢ ᠲᠠᠭᠤᠵᠦ᠂ ᠰᠢᠮᠡᠰᠤ ᠲᠦᠷᠦᠬᠦᠯᠦᠨ᠂ ᠴᠡᠷ ᠢ ᠬᠤᠪᠬᠤᠷᠠᠭᠤᠯᠤᠨ᠂ ᠴᠢᠰᠦᠨ ᠬᠠᠯᠠᠭᠤᠨ ᠢ ᠠᠷᠢᠯᠭᠠᠵᠦ᠂ ᠬᠤᠤᠷ ᠲᠠᠶᠢᠯᠬᠤ ᠦᠢᠯᠡᠳᠦᠯ ᠲᠠᠢ᠃ ᠬᠠᠯᠠᠭᠤᠨ ᠤ ᠡᠪᠡᠳᠴᠢᠨ ᠢᠶᠠᠷ ᠰᠢᠮᠡᠰᠤ ᠬᠡᠮᠳᠦᠬᠦ᠂ ᠠᠮᠠ ᠬᠠᠭᠤᠷᠠᠶᠢᠰᠢᠨ ᠬᠤᠭᠤᠯᠠᠢ ᠬᠠᠳᠠᠬᠤ᠂ ᠠᠭᠤᠰᠬᠢᠨ ᠬᠠᠯᠠᠭᠤᠨ ᠢᠶᠠᠷ ᠬᠠᠨᠢᠶᠠᠯᠭᠠᠬᠤ᠂ ᠴᠡᠷ ᠦᠳᠬᠡᠷᠡᠵᠦ ᠰᠢᠷᠠᠯᠠᠬᠤ ᠵᠡᠷᠬᠡ ᠬᠡᠮ ᠢ ᠡᠮᠴᠢᠯᠡᠵᠦ ᠪᠤᠯᠤᠨ᠎ᠠ᠃ ᠯᠢᠩᠬᠸ᠎ᠠ ᠶᠢᠨ ᠦᠨᠳᠤᠰᠤ ᠲᠠᠢ ᠤᠮᠳᠠᠭᠠᠨᠵᠢᠭᠤᠯᠤᠭᠠᠳ ᠤᠤᠭᠤᠪᠠᠯ ᠨᠠᠩ ᠢᠯᠡᠬᠦᠦ ᠲᠤᠰᠠ ᠭᠠᠷᠤᠨ᠎ᠠ᠃

ᠨᠢᠰᠢᠩᠬᠦ᠄ ᠨᠢᠰᠢᠩᠬᠦ ᠶᠢᠨ ᠰᠢᠬᠦᠰᠤ ᠲᠡᠭᠰᠢ ᠴᠢᠨᠠᠷ᠂ ᠰᠢᠬᠢᠷᠯᠢᠭ ᠠᠮᠳᠠ ᠲᠠᠢ᠃ ᠬᠠᠯᠠᠭᠤᠨ ᠢ ᠲᠠᠭᠤᠵᠦ᠂ ᠰᠢᠮᠡᠰᠤ ᠲᠦᠷᠦᠬᠦᠯᠦᠨ᠂ ᠬᠠᠭᠤᠷᠡᠢ ᠶᠢ ᠵᠦᠬᠡᠯᠡᠷᠡᠬᠦᠯᠵᠦ᠂ ᠲᠡᠵᠢᠬᠡᠯ ᠨᠦᠬᠦᠪᠦᠷᠢᠯᠡᠬᠦ ᠤᠬᠢ ᠢᠳᠡᠬᠡᠨ ᠮᠦᠨ᠃ ᠴᠠᠷ ᠢ ᠬᠤᠪᠬᠤᠷᠠᠭᠤᠯᠤᠨ ᠬᠠᠨᠢᠶᠠᠳᠤ ᠶᠢ ᠨᠠᠮᠳᠠᠭᠤᠯᠬᠤ ᠦᠢᠯᠡᠳᠦᠯ ᠲᠠᠢ᠃ ᠬᠡᠯᠡ ᠠᠮᠠ ᠬᠠᠳᠠᠵᠦ ᠬᠠᠭᠤᠷᠠᠶᠢᠰᠢᠬᠤ᠂ ᠬᠤᠷᠭᠤᠰᠤᠯᠠᠬᠤ᠂ ᠬᠠᠯᠠᠭᠤᠷᠡᠵᠦ ᠪᠤᠬᠢᠨᠢᠳᠦᠬᠤ᠂ ᠴᠠᠩᠭᠠᠬᠤ ᠵᠡᠷᠬᠡ ᠬᠡᠮ ᠢ ᠡᠮᠴᠢᠯᠡᠨ᠎ᠠ᠃

ᠢᠷᠡᠯᠳᠡ : 

ᠤᠷᠳᠤᠰ ᠮᠤᠩᠭᠤᠯ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ