ᠦᠩᠭᠡᠷᠡᠭᠰᠡᠨ ᠤ ᠬᠤᠷᠢᠭᠠᠳ ᠵᠢᠯ ᠤᠨ ᠬᠤᠭᠤᠴᠠᠭᠠᠨ ᠳᠤ ᠤᠯᠠᠭᠠᠨ ᠢᠳᠡᠭᠡ ᠨᠢ ᠤᠯᠠᠨ ᠲᠦᠷᠦᠯ ᠤᠨ ᠡᠪᠡᠳᠴᠢᠨ ᠡᠭᠦᠰᠭᠡᠳᠡᠭ《ᠬᠡᠷᠡᠭ ᠤᠨ ᠡᠵᠡᠨ》 ᠪᠤᠯᠵᠤ᠂ ᠡᠷᠡᠭᠦᠯ ᠮᠡᠨᠳᠦ ᠶᠢᠨ ᠰᠦᠷᠳᠡᠭᠦᠯᠦᠭᠴᠢ ᠶᠢᠨ ᠳᠦᠷᠢ ᠳᠤ ᠳᠤᠭᠯᠠᠭᠰᠠᠭᠠᠷ ᠢᠷᠡᠯ᠎ᠠ᠃ ᠬᠠᠷᠢᠨᠤᠢᠢᠷ᠎ᠠ ᠳᠤ ᠨᠡᠶᠢᠳᠡᠯᠡᠭᠳᠡᠭᠰᠡᠨ᠂ ᠳᠠᠪᠤᠨ ᠶᠡᠭᠡ ᠳᠢᠪ ᠤᠨ 50 ᠭᠠᠷᠤᠢ ᠤᠯᠤᠰ ᠤᠷᠤᠨ ᠢ ᠬᠠᠮᠤᠷᠤᠭᠰᠠᠨ 21 ᠳᠦᠮᠡ ᠭᠠᠷᠤᠢ ᠬᠦᠮᠦᠨ ᠤ ᠤᠷᠤᠯᠴᠠᠭ᠎ᠠ ᠲᠠᠢ ᠦᠷᠭᠡᠨ ᠭᠡᠪᠴᠢᠶ᠎ᠠ ᠲᠠᠢ ᠶᠠᠪᠤᠭᠳᠠᠭᠰᠠᠨ ᠰᠤᠳᠤᠯᠭᠠᠨ ᠤ ᠳ᠋ᠦᠩ ᠨᠢ ᠬᠦᠮᠦᠰ ᠤᠨ ᠰᠡᠳᠭᠢᠯ ᠳᠠᠬᠢᠤᠯᠠᠭᠠᠨ ᠢᠳᠡᠭᠡᠨ ᠤ ᠳᠤᠬᠠᠢ ᠠᠶᠤᠩᠭᠤᠷᠢ ᠶᠢ ᠬᠦᠩᠭᠡᠷᠡᠭᠦᠯᠦᠭᠰᠡᠨ ᠮᠡᠳᠦ ᠰᠠᠨᠠᠭᠳᠠᠨ᠎ᠠ᠃ ᠳᠤᠰ ᠰᠤᠳᠤᠯᠭᠠᠨ ᠢᠶᠠᠷ ᠤᠯᠠᠭᠠᠨ ᠢᠳᠡᠭᠡᠨ ᠢ ᠬᠡᠮᠵᠢᠶ᠎ᠠ ᠲᠠᠢ ᠢᠳᠡᠪᠡᠯ ᠤᠷᠳᠤ ᠨᠠᠰᠤᠯᠠᠬᠤ ᠳᠤ ᠳᠤᠰᠠᠳᠠᠢ ᠪᠠᠷ ᠪᠠᠷᠠᠬᠤ ᠦᠭᠡᠢ᠂ ᠵᠢᠷᠦᠭᠡ ᠳᠠᠷᠢᠬᠢ ᠴᠢᠰᠦᠨ ᠰᠤᠳᠠᠯ ᠤᠨ ᠡᠪᠡᠳᠴᠢᠨ ᠤ ᠠᠶᠤᠯ ᠢ ᠪᠠᠭᠠᠰᠬᠠᠬᠤ ᠦᠢᠯᠡᠳᠦᠯ ᠲᠠᠢ ᠭᠡᠳᠡᠭ ᠢ ᠢᠯᠡᠷᠡᠭᠦᠯᠦᠭᠰᠡᠨ ᠪᠠᠶᠢᠨ᠎ᠠ᠃      

ᠡᠯᠡᠷ ᠪᠠᠯᠠᠷ ᠴᠠᠭ ᠠᠴᠠ ᠮᠢᠬ᠎ᠠ ᠪᠤᠯ ᠬᠦᠮᠦᠨ ᠲᠦᠷᠦᠯᠬᠢᠳᠡᠨ ᠤ ᠠᠮᠢ ᠪᠠᠨ ᠪᠦᠭᠡᠴᠡᠶᠢᠯᠡᠬᠦ᠂ ᠤᠷᠤᠰᠢᠨ ᠳᠤᠭᠳᠠᠨᠢᠯ ᠢᠶᠠᠨ ᠪᠠᠳᠤᠯᠠᠬᠤ ᠬᠦᠭᠡᠭᠡᠴᠡᠯᠳᠦᠯ ᠪᠤᠯᠤᠭᠰᠠᠭᠠᠷ ᠢᠷᠡᠵᠡᠢ᠃ ᠬᠦᠮᠦᠨ ᠳᠦᠷᠦᠯᠬᠢᠳᠠᠨ ᠤ ᠢᠵᠠᠭᠤᠷ ᠳᠡᠭᠡᠳᠦᠰ ᠦᠷ᠎ᠡ ᠵᠢᠮᠢᠰ ᠦᠨᠳᠦᠰᠦ ᠨᠠᠪᠴᠢ ᠳᠡᠭᠦᠵᠦ ᠢᠳᠡᠳᠡᠭ ᠬᠠᠷᠠᠰᠤ ᠢᠳᠡᠰᠢᠳᠠᠨ ᠪᠠᠶᠢᠬᠰᠠᠨ ᠪᠠᠶᠢᠵᠤ ᠮᠡᠳᠡᠨ᠎ᠠ᠃ ᠭᠡᠪᠡᠴᠦ ᠮᠢᠬ᠎ᠠ ᠢᠳᠡᠵᠦ ᠡᠭᠢᠯᠡᠭᠰᠡᠨ ᠠᠴᠠ ᠪᠠᠨᠬᠤᠶᠢᠰᠢ᠂ ᠳᠠᠷᠢᠬᠢᠨ ᠤ ᠪᠠᠭᠳᠠᠭᠠᠮᠵᠢ ᠨᠢ ᠶᠡᠭᠡ ᠪᠠᠷ ᠨᠡᠮᠡᠭᠳᠡᠵᠦ᠂ ᠰᠢᠳᠦ ᠪᠤᠯᠤᠨ ᠠᠷᠤᠭ ᠶᠠᠰᠤᠨ ᠤ ᠪᠤᠶᠢᠵᠢᠯᠳᠠ ᠶᠢ ᠠᠬᠢᠭᠤᠯᠵᠤ᠂ ᠳᠡᠭᠦᠨ ᠤ ᠤᠯᠠᠮ ᠠᠴᠠ ᠤᠳᠤ ᠦᠶ᠎ᠠ ᠶᠢᠨ ᠤᠶᠤᠳᠤ ᠬᠦᠮᠦᠨ ᠢ ᠪᠤᠢ ᠪᠤᠯᠭᠠᠭᠰᠠᠨ ᠭᠡᠵᠦ ᠰᠢᠨᠵᠢᠯᠡᠬᠦ ᠤᠬᠠᠭᠠᠨᠳᠠᠳ ᠨᠤᠳᠠᠯᠠᠭᠰᠠᠨ ᠪᠠᠶᠢᠳᠠᠭ᠃ ᠨᠡᠩ ᠰᠤᠨᠢᠷᠬᠠᠯᠳᠠᠢ ᠨᠢ᠂ ᠳᠡᠦᠬᠡᠨ ᠳᠡᠭᠡᠷ᠎ᠡ ᠮᠢᠬ᠎ᠠ ᠤᠯᠵᠤ ᠢᠳᠡᠬᠦ ᠨᠢ ᠵᠠᠷᠢᠮ ᠤᠯᠤᠰ ᠳᠦᠷᠦᠴᠢᠨ ᠤ ᠤᠯᠤᠰ ᠳᠦᠷᠦ ᠶᠢᠨ ᠬᠠᠷᠠᠯᠳᠠ ᠪᠤᠯᠵᠤ ᠪᠠᠶᠢᠬᠰᠠᠨ ᠪᠠᠶᠢᠨ᠎ᠠ᠃ ᠪᠠᠶᠢᠯᠳᠤᠭᠠᠨᠳᠤ ᠤᠯᠤᠰ ᠤᠨ ᠦᠶ᠎ᠠ ᠳᠤ ᠮᠧᠩᠽᠢ 《ᠳᠠᠯᠠ ᠬᠦᠷᠦᠭᠰᠡᠳ ᠮᠢᠬ᠎ᠠ ᠤᠯᠵᠤ ᠢᠳᠡᠨ᠎ᠠ》 ᠭᠡᠳᠡᠭ ᠢᠶᠠᠷ ᠤᠯᠤᠰ ᠳᠦᠷᠦ ᠶᠢᠨ ᠬᠠᠷᠠᠯᠳᠠ ᠪᠠᠨ ᠪᠤᠯᠭᠠᠵᠤ ᠪᠠᠶᠢᠬᠰᠠᠨ ᠪᠤᠯ 20 ᠳ᠋ᠤᠭᠠᠷ ᠵᠠᠭᠤᠨ ᠤ ᠡᠬᠢᠨ ᠤ ᠦᠶ᠎ᠠ ᠳᠤ᠂ ᠠᠮᠧᠷᠢᠺᠠ ᠶᠢᠨ ᠤᠤᠯ ᠤᠨ ᠶᠡᠷᠦᠩᠬᠡᠶᠢᠯᠡᠭᠴᠢ ᠬᠤᠹᠦ᠋ 《ᠠᠶᠢᠯ ᠪᠤᠯᠭᠠᠨ ᠤ ᠳᠤᠭᠤᠭᠠᠨ ᠳᠤ ᠨᠢᠭᠡ ᠳᠠᠬᠢᠶ᠎ᠠ ᠲᠠᠢ᠂ ᠠᠶᠢᠯ ᠪᠤᠯᠭᠠᠨ ᠳᠤ ᠨᠢᠭᠡ ᠮᠠᠰᠢᠨ ᠳᠡᠷᠭᠡ ᠲᠠᠢ ᠪᠤᠯᠭᠠᠨ᠎ᠠ》 ᠭᠡᠳᠡᠭ ᠤᠯᠤᠰ ᠳᠦᠷᠦ ᠶᠢᠨ ᠬᠠᠷᠠᠯᠳᠠ ᠪᠠᠷ ᠶᠡᠷᠦᠩᠬᠡᠶᠢᠯᠡᠭᠴᠢ ᠶᠢᠨ ᠰᠤᠩᠭᠤᠭᠤᠯᠢ ᠳᠤ ᠦᠷᠢᠰᠦᠯᠳᠦᠵᠦ ᠪᠠᠶᠢᠵᠠᠢ᠃     

1990 ᠤᠨ ᠳᠤ ᠠᠮᠧᠷᠢᠺᠠ ᠶᠢᠨ ᠬᠢᠨ ᠤ ᠨᠢᠭᠡ ᠳᠦᠷᠦᠯ ᠤᠨ ᠰᠤᠳᠤᠯᠭᠠᠨ ᠳᠤ᠂ ᠤᠯᠠᠭᠠᠨ ᠢᠳᠡᠭᠡᠨ ᠭᠡᠳᠦᠢ ᠶᠡᠭᠡ ᠢᠳᠡᠪᠡᠯᠬᠤᠰᠭᠢᠨᠠᠭ ᠤᠨ ᠦᠮᠡᠨ ᠳᠤ ᠨᠡᠷᠪᠡᠭᠳᠡᠬᠦ ᠨᠤᠷᠮ᠎ᠠ ᠨᠢ ᠳᠡᠳᠦᠢ ᠦᠨᠳᠦᠷ ᠪᠤᠯᠤᠨ᠎ᠠ ᠭᠡᠵᠦ ᠳᠤᠰᠬᠠᠬᠰᠠᠨ ᠪᠠᠶᠢᠨ᠎ᠠ᠃ ᠵᠠᠯᠭᠠᠭᠠᠳ ᠤᠯᠠᠭᠠᠨ ᠢᠳᠡᠭᠡᠨ ᠨᠢ ᠬᠦᠬᠦᠨ ᠤ ᠪᠤᠯᠴᠢᠷᠬᠠᠢ ᠶᠢᠨ ᠦᠮᠡᠨ᠂ ᠤᠷᠤᠭ ᠤᠨ ᠪᠤᠯᠴᠢᠷᠬᠠᠢ ᠶᠢᠨ ᠦᠮᠡᠨ᠂ ᠬᠤᠳᠤᠭᠤᠳᠤᠨ ᠤ ᠦᠮᠡᠨ ᠵᠡᠷᠭᠡ ᠤᠯᠠᠨ ᠳᠦᠷᠦᠯ ᠤᠨ ᠦᠮᠡᠨ ᠡᠭᠦᠰᠬᠦ ᠲᠠᠢ ᠬᠤᠯᠪᠤᠭ᠎ᠠ ᠲᠠᠢ ᠭᠡᠳᠡᠭ ᠰᠤᠳᠤᠯᠭᠠᠨ ᠤ ᠳ᠋ᠦᠩ ᠴᠤ ᠨᠡᠶᠢᠳᠡᠯᠡᠭᠳᠡᠭᠰᠡᠨ ᠪᠠᠶᠢᠨ᠎ᠠ᠃

2015 ᠤᠨ ᠳᠤ ᠤᠯᠠᠨ ᠤᠯᠤᠰ ᠤᠨ ᠦᠮᠡᠨ ᠤ ᠰᠤᠳᠤᠯᠭᠠᠨ ᠤ ᠵᠤᠬᠢᠶᠠᠨ ᠪᠠᠶᠢᠭᠤᠯᠤᠯᠳᠠ ᠶᠢᠨ ᠬᠢᠨ ᠪᠠᠰᠠ ᠡᠳ᠋ᠰᠢᠭᠦᠯᠦᠭᠰᠡᠨ ᠤᠯᠠᠭᠠᠨ ᠢᠳᠡᠭᠡᠨ ᠢ ᠨᠢᠭᠡᠳᠦᠭᠡᠷ ᠳᠦᠷᠦᠯ ᠤᠨ ᠦᠮᠡᠨ ᠡᠭᠦᠰᠭᠡᠭᠴᠢ᠂ ᠦᠭᠡᠷ᠂ ᠬᠤᠨᠢ᠂ ᠭᠠᠭ᠋ᠠᠢ ᠶᠢᠨ ᠮᠢᠬ᠎ᠠ ᠵᠡᠷᠭᠡ ᠶᠢᠨ ᠤᠯᠠᠭᠠᠨ ᠢᠳᠡᠭᠡᠨ ᠢ 2A ᠳᠦᠷᠦᠯ ᠤᠨ ᠦᠮᠡᠨ ᠡᠭᠦᠰᠭᠡᠭᠴᠢ ᠪᠠᠷ ᠳᠤᠭᠳᠠᠭᠠᠭᠰᠠᠨ ᠪᠠᠶᠢᠨ᠎ᠠ᠃      

ᠳᠤᠮᠳᠠᠳᠤ ᠤᠯᠤᠰ ᠤᠨ ᠳᠠᠷᠢᠶᠠᠯᠠᠩ ᠤᠨ ᠶᠡᠭᠡ ᠰᠤᠷᠭᠠᠭᠤᠯᠢ ᠶᠢᠨ ᠢᠳᠡᠭᠡᠨ ᠤ ᠰᠢᠨᠵᠢᠯᠡᠬᠦ ᠤᠬᠠᠭᠠᠨ ᠪᠠ ᠰᠢᠮ᠎ᠠ ᠳᠡᠵᠢᠭᠡᠯ ᠤᠨ  ᠢᠨᠵᠧᠨᠧᠷᠢᠩ ᠤᠨ ᠳᠡᠭᠡᠳᠦ ᠰᠤᠷᠭᠠᠭᠤᠯᠢ ᠶᠢᠨ ᠳᠡᠳ᠋ ᠫᠷᠦᠹᠧᠰᠰᠤᠷ ᠹᠠᠨ ᡁᠢ ᠬᠤᠩ᠄ 《ᠡᠳ᠋ᠰᠢᠭᠦᠯᠦᠭᠰᠡᠨ ᠤᠳᠤᠭᠰᠠᠨ ᠮᠢᠬᠠᠨ ᠳᠤᠬᠤᠯᠢᠯᠳᠤᠮᠠᠯ ᠴᠠᠭᠠᠷᠢᠬᠳᠤ ᠠᠮᠢᠨ᠂ ᠤᠯᠠᠨ ᠴᠠᠭᠠᠷᠢᠬᠳᠤ ᠦᠨᠦᠷᠳᠦ ᠨᠡᠭᠦᠷᠡᠰᠦ — ᠤᠰᠤᠳᠦ᠋ᠷᠦᠭᠴᠢ ᠵᠡᠷᠭᠡ ᠦᠮᠡᠨ ᠡᠭᠦᠰᠭᠡᠭᠴᠢ ᠠᠭᠤᠯᠳᠠᠭ︔ ᠳᠠᠪᠤᠰᠤᠯᠠᠭᠰᠠᠨ ᠤᠯᠠᠭᠠᠨ ᠢᠳᠡᠭᠡᠨ ᠳᠤ ᠪᠠᠭ᠎ᠠ ᠬᠡᠮᠵᠢᠶᠡᠨ ᠤ ᠦᠮᠡᠨ ᠡᠭᠦᠰᠭᠡᠭᠴᠢ ᠪᠤᠳᠠᠰ ᠪᠤᠯᠬᠤ ᠳᠤᠳᠠᠭᠤ ᠠᠽᠤᠲ ᠬᠦᠴᠢᠯ ᠤᠨ ᠠᠮᠢᠨ ᠪᠤᠢ ᠪᠤᠯᠳᠠᠭ᠃ ᠳᠡᠶᠢᠮᠦ ᠠᠴᠠ ᠬᠦᠮᠦᠰ ᠪᠠᠭ᠎ᠠ ᠢᠳᠡᠬᠦ ᠪᠤᠶᠤ ᠢᠳᠡᠬᠦ ᠦᠭᠡᠢ ᠪᠠᠶᠢᠪᠠᠯ ᠵᠤᠬᠢᠨ᠎ᠠ᠃ ᠡᠳ᠋ᠰᠢᠭᠦᠯᠵᠤ ᠪᠤᠯᠪᠠᠰᠤᠷᠠᠭᠤᠯᠤᠭᠰᠠᠨ ᠦᠭᠡᠢ ᠤᠯᠠᠭᠠᠨ ᠢᠳᠡᠭᠡᠨ ᠢ ᠬᠡᠮᠵᠢᠶ᠎ᠠ ᠲᠠᠢ ᠢᠳᠡᠪᠡᠯ ᠦᠮᠡᠨ ᠡᠭᠦᠰᠭᠡᠬᠦ ᠶᠠᠪᠤᠳᠠᠯ ᠦᠭᠡᠢ᠃ ᠳᠡᠯᠡᠭᠡᠢ ᠶᠢᠨᠦᠮᠡᠨ ᠤ ᠰᠠᠭᠤᠷᠢ ᠮᠦᠩᠭᠦᠨ ᠤ ᠨᠡᠶᠢᠭᠡᠮᠯᠢᠭ ᠤᠨ ᠳᠤᠭ᠎ᠠ ᠪᠠᠷᠢᠮᠳᠠ ᠳᠤ ᠳᠤᠰᠬᠠᠬᠰᠠᠨ ᠢᠶᠠᠷ᠂ ᠭᠠᠷᠠᠭ ᠲᠤ 500 ᠭᠷᠡᠮ ᠠᠴᠠ ᠳᠠᠪᠠᠭᠤᠯᠬᠤ ᠦᠭᠡᠢ ᠪᠠᠷ ᠤᠯᠠᠭᠠᠨ ᠢᠳᠡᠭᠡᠨ ᠢᠳᠡᠬᠦ ᠳᠤ ᠦᠮᠡᠨ ᠡᠭᠦᠰᠬᠦ ᠶᠠᠪᠤᠳᠠᠯ ᠦᠭᠡᠢ ᠭᠡᠰᠡᠨ ᠪᠠᠶᠢᠨ᠎ᠠ᠃ ᠡᠨᠡ 500 ᠭᠷᠡᠮ ᠭᠡᠳᠡᠭ ᠨᠢ ᠶᠠᠰᠤ᠂ ᠠᠷᠠᠰᠤ᠂ ᠦᠭᠡᠬᠦ ᠦᠭᠡᠢ ᠮᠢᠬ᠎ᠠ ᠶᠢ ᠬᠡᠯᠡᠵᠦ ᠪᠠᠶᠢᠭ᠎ᠠ ᠶᠤᠮ》 ᠭᠡᠵᠦ ᠶᠠᠷᠢᠬᠰᠠᠨ ᠪᠠᠶᠢᠨ᠎ᠠ᠃      

《ᠵᠠᠷᠢᠮ ᠬᠦᠮᠦᠨ ᠪᠠᠰᠠ ᠤᠯᠠᠭᠠᠨ ᠢᠳᠡᠭᠡᠨ ᠢᠳᠡᠪᠡᠯ ᠦᠭᠡᠬᠦ ᠶᠢ ᠰᠢᠩᠭᠡᠭᠡᠵᠦ ᠠᠪᠬᠤ ᠨᠢ ᠨᠡᠮᠡᠭᠳᠡᠨ᠎ᠠ ᠭᠡᠵᠦ ᠠᠶᠤᠳᠠᠭ᠃ᠦᠨᠡᠨ ᠳᠡᠭᠡᠨ ᠤᠯᠠᠭᠠᠨ ᠢᠳᠡᠭᠡᠨ ᠤ ᠦᠭᠡᠬᠦ ᠶᠢᠨ ᠠᠭᠤᠯᠤᠭᠳᠠᠴᠠ ᠨᠢ ᠳᠡᠶᠢᠮᠦ ᠦᠨᠳᠦᠷ ᠪᠢᠰᠢ᠂ ᠵᠢᠱᠢᠶᠡᠯᠡᠪᠡᠯ 100 ᠭᠷᠡᠮ ᠦᠭᠡᠷ ᠤᠨ ᠬᠠᠷ᠎ᠠ ᠮᠢᠬᠠᠨ ᠳᠤ 2.3 ᠭᠷᠡᠮ ᠦᠭᠡᠬᠦ ᠯᠡ ᠠᠭᠤᠯᠤᠭᠳᠠᠳᠠᠭ᠂ ᠬᠠᠷᠢᠨ 100 ᠭᠷᠡᠮ ᠳᠠᠭᠢᠶᠠᠨ ᠤ ᠡᠪᠴᠢᠭᠦᠨ ᠤ ᠮᠢᠬᠠᠨ ᠳᠤ 5 ᠭᠷᠡᠮ ᠦᠭᠡᠬᠦ ᠠᠭᠤᠯᠤᠭᠳᠠᠳᠠᠭ》 ᠭᠡᠵᠦ ᠹᠠᠨ ᡁᠢ ᠬᠤᠩ ᠳᠠᠶᠢᠯᠪᠤᠷᠢᠯᠠᠬᠰᠠᠨ ᠪᠠᠶᠢᠨ᠎ᠠ᠃      

ᠤᠢᠢᠷ᠎ᠠ ᠳᠤ᠂ 2018 ᠤᠨ ᠤ ᠧᠦ᠋ᠷᠦᠫᠠ ᠶᠢᠨ ᠵᠢᠷᠦᠭᠡᠨ ᠡᠪᠡᠳᠴᠢᠨ ᠤ ᠰᠤᠳᠤᠯᠭᠠᠨ ᠤ ᠬᠤᠷᠠᠯ ᠤᠨ ᠤᠨ ᠤ ᠬᠤᠷᠠᠯ ᠳᠡᠭᠡᠷ᠎ᠡ ᠨᠡᠶᠢᠳᠡᠯᠡᠭᠰᠡᠨ ᠨᠢᠭᠡ ᠰᠤᠳᠤᠯᠭᠠᠨ ᠳᠤ᠂ ᠰᠤᠳᠤᠯᠤᠭᠠᠴᠢᠳ 8 ᠬᠤᠪᠢ ᠠᠴᠠ ᠳᠡᠭᠡᠭᠰᠢᠬᠢ ᠵᠢᠮᠢᠰ᠂ ᠢᠳᠡᠰᠢᠨ ᠨᠤᠭᠤᠭ᠎ᠠ︔ ᠬᠠᠭᠠᠰ ᠬᠤᠪᠢ ᠶᠢᠨ ᠰᠠᠮᠤᠷ᠂ ᠪᠤᠷᠴᠠᠭ ᠤᠨ ᠵᠦᠢᠯ︔ ᠵᠢᠴᠢ ᠭᠠᠷᠠᠭ ᠪᠤᠯᠭᠠᠨ ᠬᠤᠶᠠᠷ ᠤᠳᠠᠭ᠎ᠠ ᠵᠢᠭᠠᠰᠤ᠂ 3 ᠬᠤᠪᠢ ᠶᠢᠨ ᠴᠠᠭᠠᠨᠢᠳᠡᠭᠡᠨ ᠪᠠ 1.5 ᠬᠤᠪᠢ ᠶᠢᠨ ᠡᠳ᠋ᠰᠢᠭᠦᠯᠦᠭᠰᠡᠨ ᠦᠭᠡᠢ ᠤᠯᠠᠭᠠᠨ ᠢᠳᠡᠭᠡᠨ ᠢ ᠪᠠᠭᠳᠠᠭᠠᠨ ᠴᠢᠨᠠᠷ ᠰᠠᠶᠢᠳᠠᠢ ᠢᠳᠡᠭᠡᠨ ᠤᠮᠳᠠᠭᠠᠨ ᠬᠡᠮᠡᠨ ᠦᠵᠡᠵᠦ ᠦᠨᠡᠯᠡᠯᠳᠡ ᠳᠡᠮᠳᠡᠭᠯᠡᠯ ᠬᠢᠭᠰᠡᠨ ᠪᠠᠶᠢᠨ᠎ᠠ᠃ ᠰᠤᠳᠤᠯᠭᠠᠨ ᠤ ᠳ᠋ᠦᠩ ᠳᠤ᠂ ᠢᠳᠡᠭᠡᠨ ᠤᠮᠳᠠᠭᠠᠨ ᠤ ᠴᠢᠨᠠᠷ ᠤᠨᠬᠤᠪᠢ ᠨᠢ ᠬᠠᠮᠤᠭ ᠤᠨ ᠦᠨᠳᠦᠷ ᠬᠦᠮᠦᠨ ᠢ ᠬᠠᠮᠤᠭ ᠤᠨ ᠳᠤᠤᠷ᠎ᠠ ᠬᠦᠮᠦᠨ ᠲᠠᠢ ᠬᠠᠷᠢᠴᠠᠭᠤᠯᠪᠠᠯ ᠵᠢᠷᠦᠭᠡ ᠴᠢᠰᠦᠨ ᠰᠤᠳᠠᠯ ᠤᠨ ᠡᠪᠡᠳᠴᠢᠨ ᠳᠤ ᠨᠡᠷᠪᠡᠭᠳᠡᠬᠦ ᠠᠶᠤᠯ ᠨᠢ 11% ᠪᠠᠷ᠂ ᠰᠠ ᠡᠪᠡᠳᠴᠢᠨ ᠤ ᠠᠶᠤᠯ ᠨᠢ 17% ᠪᠠᠷ᠂ ᠦᠬᠦᠯ ᠤᠨ ᠠᠶᠤᠯ ᠨᠢ 25% ᠪᠠᠷ ᠳᠤᠷᠤᠭᠰᠢᠯᠠᠬᠰᠠᠨ ᠭᠡᠰᠡᠨ ᠳ᠋ᠦᠩᠨᠡᠯᠳᠡ ᠭᠠᠷᠭᠠᠵᠠᠢ᠃ 《ᠡᠨᠡ ᠬᠦ ᠰᠤᠳᠤᠯᠭᠠᠨ ᠠᠴᠠ ᠪᠢᠳᠠ ᠡᠷᠡᠭᠦᠯ ᠪᠤᠰᠤ ᠢᠳᠡᠭᠡᠨ ᠭᠡᠵᠦ ᠪᠠᠶᠢᠬᠤ ᠦᠭᠡᠢ᠂ ᠬᠠᠷᠢᠨ ᠡᠷᠡᠭᠦᠯ ᠪᠤᠰᠤ ᠢᠳᠡᠭᠡᠨ ᠤ ᠪᠦᠲᠦᠴᠡ ᠭᠡᠵᠦ ᠪᠠᠶᠢᠳᠠᠭ ᠢ ᠮᠡᠳᠡᠵᠦ ᠪᠤᠯᠤᠨ᠎ᠠ᠃ ᠤᠯᠠᠭᠠᠨ ᠢᠳᠡᠭᠡᠨ ᠨᠢ ᠬᠦᠮᠦᠨ ᠤ ᠪᠡᠶ᠎ᠡ ᠶᠢᠨ ᠤᠭᠤᠷᠠᠭ᠂ ᠡᠷᠦᠳᠡᠰᠦ ᠪᠠ ᠸᠢᠲ᠋ᠠᠮᠢᠨ ᠤ ᠴᠢᠬᠤᠯᠠ ᠢᠷᠡᠯᠳᠡ ᠶᠢᠨ ᠨᠢᠭᠡ ᠪᠤᠯᠳᠠᠭ ᠤᠴᠢᠷ ᠠᠴᠠᠡᠷᠡᠭᠦᠯ ᠢᠳᠡᠭᠡᠨ ᠤᠮᠳᠠᠭᠠᠨ ᠤ ᠳᠤᠭᠠᠨ ᠳᠤ ᠦᠪᠡᠷ ᠤᠨ ᠪᠠᠶᠢᠷᠢ ᠰᠠᠭᠤᠷᠢ ᠲᠠᠢ ᠪᠠᠶᠢᠬᠤ ᠨᠢ ᠳᠠᠭᠠᠷᠠᠨ᠎ᠠ》 ᠭᠡᠵᠦ ᠹᠠᠨ ᡁᠢ ᠬᠤᠩ ᠦᠵᠡᠵᠦ ᠪᠠᠶᠢᠨ᠎ᠠ᠃

ᠮᠢᠬ᠎ᠠ ᠢᠳᠡᠬᠦ ᠦᠭᠡᠢ ᠪᠠᠶᠢᠵᠤ ᠪᠤᠯᠬᠤ ᠦᠭᠡᠢ

ᠳᠤᠮᠳᠠᠳᠤ ᠤᠯᠤᠰ ᠤᠨ ᠰᠢᠮ᠎ᠠ ᠳᠡᠵᠢᠭᠡᠯ ᠤᠨ ᠬᠤᠯᠪᠤᠭ᠎ᠠ ᠶᠢᠨ ᠳᠡᠭᠡᠳᠦ ᠳᠡᠰ ᠤᠨ ᠰᠢᠮ᠎ᠠ ᠳᠡᠵᠢᠭᠡᠯ ᠤᠨ ᠯᠧᠺᠲ᠋ᠤᠷ ᠰᠢᠦᠢ ᠵᠢᠩ᠄ 《ᠡᠷᠡᠭᠦᠯ ᠮᠡᠨᠳᠦ ᠶᠢᠨ ᠬᠤᠪᠢ ᠳᠤ ᠮᠢᠬ᠎ᠠ ᠪᠠᠶᠢᠬᠰᠠᠨ ᠴᠤ ᠪᠤᠯᠤᠨ᠎ᠠ ᠪᠠᠶᠢᠬᠤ ᠦᠭᠡᠢ ᠴᠤ ᠪᠤᠯᠤᠨ᠎ᠠ ᠭᠡᠵᠦ ᠦᠵᠡᠵᠦ ᠪᠤᠯᠬᠤ ᠦᠭᠡᠢ᠂ ᠮᠢᠬ᠎ᠠ ᠢᠳᠡᠬᠦ ᠦᠭᠡᠢ ᠪᠤᠯ ᠠᠯᠢ ᠤᠯᠠᠨ ᠡᠷᠡᠭᠦᠯ ᠮᠡᠨᠳᠦ ᠶᠢᠨ ᠠᠰᠠᠭᠤᠳᠠᠯ ᠭᠠᠷᠴᠤ ᠮᠡᠳᠡᠨ᠎ᠠ》 ᠭᠡᠰᠡᠨ ᠪᠠᠶᠢᠨ᠎ᠠ᠃     

ᠦᠯᠦ ᠬᠠᠯᠳᠠᠭᠠᠬᠤ ᠴᠢᠳᠠᠪᠤᠷᠢ ᠮᠠᠭᠤᠳᠠᠨ᠎ᠠ᠃ ᠮᠢᠬᠠᠨ ᠤ ᠳᠦᠷᠦᠯ ᠤᠨ ᠢᠳᠡᠭᠡᠨ ᠪᠠ ᠤᠷᠭᠤᠮᠠᠯ ᠤᠨ ᠳᠦᠷᠦᠯ ᠤᠨ ᠢᠳᠡᠭᠡᠨ ᠳᠤ ᠪᠦᠷ ᠡᠯᠪᠡᠭ ᠤᠤᠭᠤᠷᠠᠭ ᠠᠭᠤᠯᠤᠭᠳᠠᠳᠠᠭ ᠭᠡᠳᠡᠭ ᠪᠤᠯᠪᠠᠴᠤ ᠮᠢᠬᠠᠨ ᠳᠤ ᠠᠭᠤᠯᠤᠭᠳᠠᠳᠠᠭ ᠤᠭᠤᠷᠠᠭ ᠨᠢ ᠬᠦᠮᠦᠨ ᠤ ᠪᠡᠶ᠎ᠡ ᠳᠤ ᠰᠢᠩᠭᠡᠭᠡᠨ ᠠᠰᠢᠬᠯᠠᠬᠤ ᠳᠤ ᠨᠡᠩ ᠠᠮᠠᠷᠬᠠᠨ ᠪᠠᠶᠢᠳᠠᠭ᠃ ᠬᠡᠷᠪᠡ ᠤᠭᠤᠷᠠᠭ ᠢ ᠬᠦᠢᠴᠡᠳ ᠰᠢᠩᠭᠡᠭᠡᠨ ᠠᠪᠴᠤ ᠳᠡᠶᠢᠯᠬᠦ ᠦᠭᠡᠢ ᠪᠤᠯ ᠦᠯᠦ ᠬᠠᠯᠳᠠᠭᠠᠬᠤ ᠴᠢᠳᠠᠪᠤᠷᠢ ᠮᠠᠭᠤᠳᠠᠬᠤ᠂ ᠴᠡᠭᠡᠵᠢᠯᠡᠬᠦ ᠴᠢᠳᠠᠪᠤᠷᠢ ᠮᠠᠭᠤᠳᠠᠬᠤ ᠵᠡᠷᠭᠡ ᠪᠠᠶᠢᠳᠠᠯ ᠢ ᠪᠤᠢ ᠪᠤᠯᠭᠠᠳᠠᠭ᠃      

ᠳᠤᠳᠤᠭᠠᠳᠤ ᠱᠦᠭᠦᠷᠡᠯ ᠤᠨ ᠠᠵᠢᠯᠯᠠᠭ᠎ᠠ ᠭᠡᠪ ᠤᠨ ᠪᠠᠶᠢᠳᠠᠯ ᠢᠶᠠᠨ ᠠᠯᠳᠠᠨ᠎ᠠ᠃ ᠦᠭᠡᠬᠦ ᠪᠤᠯ ᠬᠦᠮᠦᠨ ᠤ ᠪᠡᠶ᠎ᠡ ᠶᠢᠨ ᠬᠤᠷᠮᠤᠨ ᠢᠯᠭᠠᠷᠠᠭᠤᠯᠬᠤ ᠳᠦᠭᠦᠬᠡᠢ ᠮᠠᠲ᠋ᠧᠷᠢᠶᠠᠯ ᠪᠤᠯᠤᠨ᠎ᠠ᠃ ᠤᠷᠳᠤ ᠬᠤᠭᠤᠴᠠᠭ᠎ᠠ ᠪᠠᠷ ᠮᠢᠬ᠎ᠠ ᠢᠳᠡᠬᠦ ᠦᠭᠡᠢ᠂ ᠨᠤᠭᠤᠭ᠎ᠠ ᠵᠠᠭᠤᠰᠢᠨ ᠳᠠᠬᠢ ᠤᠰᠤ ᠨᠢ ᠭᠡᠳᠦᠷᠭᠡᠢ ᠪᠠᠭ᠎ᠠ ᠪᠤᠯᠪᠠᠯ ᠦᠭᠡᠬᠦ ᠶᠢᠨ ᠳᠤᠳᠠᠭᠳᠠᠬᠰᠠᠨ ᠤ ᠤᠯᠠᠮ ᠢᠶᠠᠷ ᠬᠤᠷᠮᠤᠨ ᠤ ᠢᠯᠭᠠᠷᠠᠭᠤᠯᠤᠯᠳᠠ ᠶᠢ ᠨᠦᠯᠦᠭᠡᠯᠡᠵᠦ᠂ ᠡᠮᠡᠭᠳᠡᠶᠢᠴᠤᠳ ᠤᠨ ᠰᠠᠷ᠎ᠠ ᠶᠢᠨ ᠭᠭᠢᠷ ᠳᠡᠩᠴᠡᠭᠦᠷᠢ ᠦᠭᠡᠢ ᠪᠤᠯᠬᠤ᠂ ᠦᠯᠦ ᠵᠢᠷᠮᠦᠰᠦᠯᠡᠬᠦ ᠵᠡᠷᠭᠡ ᠠᠰᠠᠭᠤᠳᠠᠯ ᠭᠠᠷᠬᠤ ᠪᠠᠷ ᠪᠠᠷᠠᠬᠤ ᠦᠭᠡᠢ ᠪᠠᠰᠠ ᠬᠦᠮᠦᠨ ᠤ ᠦᠳᠡᠯᠬᠦ ᠶᠢ ᠳᠦᠷᠭᠡᠳᠭᠡᠳᠡᠭ᠃      

ᠳᠡᠮᠦᠷ ᠳᠤᠳᠠᠭᠰᠠᠨ ᠴᠢᠰᠦ ᠳᠤᠳᠠᠬᠤ ᠡᠪᠡᠳᠴᠢᠨ ᠪᠤᠯᠤᠨ᠎ᠠ᠃ ᠮᠢᠬᠠᠨ ᠳᠤ ᠠᠭᠤᠯᠤᠭᠳᠠᠳᠠᠭ ᠳᠡᠮᠦᠷ ᠪᠤᠯ ᠴᠢᠰᠦᠨ ᠤ ᠤᠯᠠᠭᠠᠨ ᠡᠳ᠋ ᠤᠨ ᠳᠡᠮᠦᠷ ᠪᠤᠯᠤᠨ᠎ᠠ᠂ ᠬᠦᠮᠦᠨ ᠤ ᠪᠡᠶ᠎ᠡ ᠳᠠᠬᠢ ᠳᠡᠮᠦᠷ ᠤᠨ ᠴᠢᠬᠤᠯᠠ ᠢᠷᠡᠯᠳᠡ ᠪᠤᠯᠤᠨ᠎ᠠ᠃ ᠢᠳᠡᠰᠢᠨ ᠨᠤᠭᠤᠭ᠎ᠠ ᠳᠠᠬᠢ ᠳᠡᠮᠦᠷ ᠤᠨ ᠵᠦᠪᠬᠡᠨ 1% ᠢ ᠨᠢ ᠰᠢᠩᠭᠡᠭᠡᠵᠦ ᠠᠪᠴᠤ ᠳᠡᠶᠢᠯᠳᠡᠭ ᠪᠠᠶᠢᠬᠤ ᠳᠤ᠂ ᠬᠠᠷᠢᠨ ᠮᠢᠬᠠᠨ ᠤ ᠵᠦᠢᠯ ᠤᠨ ᠠᠭᠤᠯᠤᠭᠳᠠᠬᠤᠳᠡᠮᠦᠷ ᠤᠨ 10% — 25% ᠢ ᠨᠢ ᠰᠢᠩᠭᠡᠭᠡᠵᠦ ᠠᠪᠴᠤ ᠳᠡᠶᠢᠯᠳᠡᠭ᠃ ᠳᠡᠶᠢᠮᠦ ᠠᠴᠠ ᠮᠢᠬ᠎ᠠ ᠢᠳᠡᠬᠦ ᠦᠭᠡᠢ ᠪᠤᠯ ᠳᠠᠮᠦᠷ ᠳᠤᠳᠠᠭᠰᠠᠨ ᠴᠢᠰᠤ ᠳᠤᠳᠠᠬᠤ ᠡᠪᠡᠳᠴᠢᠨ ᠳᠤ ᠠᠮᠠᠷᠬᠠᠨ ᠨᠡᠷᠪᠡᠭᠳᠡᠳᠡᠭ᠃      

ᠠᠷᠠᠰᠤ ᠬᠠᠭᠤᠷᠠᠶᠢᠰᠢᠵᠦ ᠰᠢᠷᠦᠭᠦᠨ ᠪᠤᠯᠤᠨ᠎ᠠ᠃ ᠮᠢᠬᠠᠨ ᠤ ᠳᠦᠷᠦᠯ ᠤᠨ ᠢᠳᠡᠭᠡᠨ ᠪᠤᠯ B ᠳᠦᠷᠦᠯ ᠤᠨ ᠸᠢᠲ᠋ᠠᠮᠢᠨ ᠪᠠ ᠸᠢᠲ᠋ᠠᠮᠢᠨ A᠂ ᠸᠢᠲ᠋ᠠᠮᠢᠨ D ᠵᠡᠷᠭᠡ ᠶᠢᠨ ᠳᠤᠰᠤᠨ ᠳᠤ ᠠᠭᠤᠰᠤᠮᠠᠳᠠᠭᠠᠢ ᠸᠢᠲ᠋ᠠᠮᠢᠨ ᠤ ᠴᠢᠬᠤᠯᠠ ᠡᠬᠢ ᠰᠤᠷᠪᠤᠯᠵᠢ ᠪᠤᠯᠤᠨ᠎ᠠ᠃ ᠤᠷᠳᠤ ᠬᠤᠭᠤᠴᠠᠭ᠎ᠠ ᠪᠠᠷ ᠮᠢᠬ᠎ᠠ ᠢᠳᠡᠬᠦ ᠦᠭᠡᠢ ᠪᠤᠯ ᠳᠡᠭᠡᠷ᠎ᠡ ᠳᠤᠷᠠᠳᠤᠭᠰᠠᠨ ᠸᠢᠲ᠋ᠠᠮᠢᠨ ᠤ ᠬᠠᠩᠭᠠᠯᠭ᠎ᠠ ᠳᠤᠳᠠᠭᠤᠳᠠᠬᠤ ᠠᠶᠤᠯ ᠳᠤ ᠨᠢᠭᠤᠷᠯᠠᠵᠤ᠂ ᠠᠷᠠᠰᠤ ᠬᠦᠷᠦᠰᠦ ᠬᠠᠭᠤᠷᠠᠶᠢᠰᠢᠵᠤ ᠰᠢᠷᠦᠭᠦᠨ ᠪᠤᠯᠬᠤ᠂ ᠶᠠᠰᠤ ᠭᠡᠪᠡᠷᠡᠭᠰᠢᠬᠦ᠂ ᠦᠯᠦ ᠬᠠᠯᠳᠠᠭᠠᠬᠤ ᠴᠢᠳᠠᠪᠤᠷᠢ ᠮᠠᠭᠤᠳᠠᠬᠤ ᠵᠡᠷᠭᠡ ᠠᠰᠠᠭᠤᠳᠠᠯ ᠭᠠᠷᠴᠤ ᠮᠡᠳᠡᠨ᠎ᠠ᠃     

ᠴᠢᠯᠠᠭᠤᠵᠢᠯ ᠡᠭᠦᠰᠦᠨ᠎ᠠ᠃ ᠮᠢᠬ᠎ᠠ ᠢᠳᠡᠳᠡᠭ ᠦᠭᠡᠢ ᠬᠦᠮᠦᠨ ᠤ ᠢᠳᠡᠭᠡᠨ ᠤᠮᠳᠠᠭᠠᠨ ᠨᠢ ᠤᠷᠭᠤᠮᠠᠯ ᠤᠨ ᠴᠢᠨᠠᠷᠳᠠᠢ ᠢᠳᠡᠭᠡᠨ ᠢᠶᠠᠷ ᠭᠤᠤᠯ ᠪᠤᠯᠭᠠᠳᠠᠭ ᠪᠠᠶᠢᠵᠤ ᠳᠠᠭᠠᠷᠠᠨ᠎ᠠ᠃ ᠤᠷᠭᠤᠮᠠᠯ ᠤᠨ ᠳᠦᠷᠦᠯ ᠤᠨ ᠢᠳᠡᠭᠡᠨ ᠳᠤ ᠶᠡᠷᠦᠳᠡᠭᠡᠨ ᠡᠪᠡᠰᠦᠨ ᠬᠦᠴᠢᠯ ᠡᠯᠪᠡᠭ ᠠᠭᠤᠯᠤᠭᠳᠠᠳᠠᠭ᠂ ᠡᠪᠡᠰᠦᠨ ᠬᠦᠴᠢᠯ ᠨᠢ ᠬᠦᠮᠦᠨ ᠤ ᠪᠡᠶ᠎ᠡ ᠳᠠᠬᠢ ᠺᠠᠯᠼ ᠲᠠᠢ ᠨᠡᠶᠢᠯᠡᠪᠡᠯ ᠳᠤᠩ ᠠᠮᠠᠷᠬᠠᠨ ᠴᠢᠯᠠᠭᠤᠵᠢᠯ ᠡᠭᠦᠰᠭᠡᠳᠡᠭ᠃

2010 — 2012 ᠤᠨ ᠤ ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠰᠢᠮ᠎ᠠ ᠳᠡᠵᠢᠭᠡᠯ ᠪᠠ ᠡᠷᠡᠭᠦᠯ ᠮᠡᠨᠳᠦ ᠶᠢᠨᠪᠠᠶᠢᠳᠠᠯ ᠤᠨ ᠪᠠᠶᠢᠴᠠᠭᠠᠯᠳᠠ ᠠᠴᠠ ᠦᠵᠡᠪᠡᠯ᠂ ᠪᠦᠬᠦ ᠤᠯᠤᠰ ᠤᠨ ᠬᠦᠮᠦᠨ ᠳᠤᠮᠳᠠᠴᠢ ᠡᠳᠦᠷ ᠪᠤᠯᠭᠠᠨ ᠤ ᠰᠢᠩᠭᠡᠭᠡᠨ ᠠᠪᠴᠤ ᠪᠠᠶᠢᠭ᠎ᠠᠠᠮᠢᠳᠠᠨ ᠤ ᠭᠠᠷᠤᠯ ᠲᠠᠢ ᠢᠳᠡᠭᠡᠨ ᠤ ᠶᠡᠷᠦᠩᠬᠡᠢ ᠬᠡᠮᠵᠢᠶ᠎ᠠ ᠨᠢ 137.7 ᠭᠷᠡᠮ ᠪᠠᠶᠢᠵᠤ᠂ ᠡᠭᠦᠨ ᠳᠤ ᠮᠠᠯ ᠤᠨ ᠮᠢᠬ᠎ᠠ 75 ᠭᠷᠡᠮ᠂ ᠵᠢᠭᠠᠰᠤ ᠰᠠᠮ ᠤᠨ ᠲᠦᠷᠦᠯ 23.7 ᠭᠷᠡᠮ᠂ ᠵᠢᠭᠦᠷᠳᠡᠨ ᠤ ᠮᠢᠬ᠎ᠠ 14.7 ᠭᠷᠡᠮ᠂ ᠦᠨᠳᠡᠭᠡᠨ ᠤ ᠳᠦᠷᠦᠯ 24.3 ᠭᠷᠡᠮ ᠪᠠᠶᠢᠭ᠎ᠠ ᠶᠤᠮᠪᠠᠶᠢᠨ᠎ᠠ᠃ ᠡᠭᠦᠨ ᠠᠴᠠ ᠪᠢᠳᠠ ᠤᠯᠠᠭᠠᠨ ᠢᠳᠡᠭᠡᠨ ᠨᠢ ᠬᠦᠮᠦᠰ ᠤᠨ ᠢᠳᠡᠭᠡᠨ ᠤ ᠪᠦᠲᠦᠴᠡ ᠶᠢᠨ ᠬᠤᠪᠢ ᠳᠤ ᠴᠤ ᠴᠢᠬᠤᠯᠠᠦᠢᠯᠡᠳᠦᠯ ᠦᠵᠡᠭᠦᠯᠵᠦ ᠪᠠᠶᠢᠳᠠᠭ ᠢ ᠮᠡᠳᠡᠵᠦ ᠪᠤᠯᠤᠨ᠎ᠠ᠃      

ᠤᠯᠠᠭᠠᠨ ᠢᠳᠡᠭᠡᠨ ᠤ ᠰᠢᠮ᠎ᠡ ᠳᠡᠵᠢᠭᠡᠯ ᠤᠨ ᠳᠠᠪᠠᠭᠤᠯᠢᠬ     

ᠳᠡᠮᠦᠷ ᠨᠦᠬᠦᠳᠡᠭ ᠪᠠᠶᠢᠭᠠᠯᠢ ᠶᠢᠨ ᠢᠳᠡᠭᠡᠨ᠃ ᠳᠡᠮᠦᠷ ᠪᠤᠯ ᠴᠢᠰᠦᠨ ᠤ ᠬᠦᠴᠢᠯᠳᠦ᠋ᠷᠦᠭᠴᠢ ᠶᠢᠨ ᠨᠦᠭᠡᠴᠡ ᠶᠢᠨ ᠬᠡᠮᠵᠢᠶ᠎ᠠ ᠶᠢ ᠪᠠᠳᠤᠯᠠᠬᠤ ᠳᠤ ᠳᠤᠳᠠᠭᠳᠠᠵᠤ ᠪᠤᠯᠤᠰᠢ ᠦᠭᠡᠢ ᠡᠯᠧᠮᠧᠨ᠋ᠲ ᠪᠤᠯᠤᠨ᠎ᠠ᠃ ᠵᠢᠭᠠᠰᠤ ᠵᠢᠭᠦᠷᠳᠡᠨ ᠤ ᠮᠢᠬ᠎ᠠ ᠵᠡᠷᠭᠡ ᠴᠠᠶᠢᠪᠤᠷ ᠮᠢᠬ᠎ᠠ ᠲᠠᠢ ᠬᠠᠷᠢᠴᠠᠭᠤᠯᠪᠠᠯ᠂ ᠮᠠᠯ ᠤᠨ ᠭᠠᠷᠤᠯ ᠲᠠᠢ ᠤᠯᠠᠭᠠᠨ ᠢᠳᠡᠭᠡᠨ ᠳᠠᠬᠢ ᠳᠡᠮᠦᠷ ᠤᠨ ᠠᠭᠤᠯᠤᠭᠳᠠᠴᠠ ᠨᠢ ᠨᠡᠩ ᠡᠯᠪᠡᠭ ᠪᠠᠶᠢᠵᠤ᠂ ᠬᠦᠮᠦᠨ ᠤ ᠪᠡᠶ᠎ᠡ ᠶᠢᠨ ᠰᠢᠩᠭᠡᠭᠡᠨ ᠠᠪᠴᠦ ᠳᠡᠶᠢᠯᠬᠦ ᠨᠤᠷᠮ᠎ᠠ ᠨᠢ 20% ᠳᠤ ᠬᠦᠷᠳᠡᠭ ᠪᠦᠭᠡᠳ ᠪᠠᠰᠠ ᠪᠤᠰᠤᠳ ᠳᠦᠷᠦᠯ ᠤᠨ ᠢᠳᠡᠭᠡᠨ ᠳᠤ ᠠᠭᠤᠯᠤᠭᠳᠠᠵᠤ ᠪᠠᠶᠢᠭ᠎ᠠ ᠳᠡᠮᠦᠷ ᠢ ᠰᠢᠩᠭᠡᠭᠡᠨ ᠠᠪᠬᠤ ᠳᠤ ᠳᠤᠰᠠᠯᠠᠬᠤ ᠦᠢᠯᠡᠳᠦᠯ ᠦᠵᠡᠭᠦᠯᠳᠡᠭ᠃ ᠳᠡᠭᠡᠬᠦ ᠳᠤ ᠵᠠᠷᠢᠮ ᠤᠷᠭᠤᠮᠠᠯ ᠤᠨ ᠭᠠᠷᠤᠯ ᠳᠠᠭᠠᠨ ᠢᠳᠡᠭᠡᠨ ᠳᠤ ᠠᠭᠤᠯᠤᠭᠳᠠᠵᠤ ᠳᠡᠮᠦᠷ ᠢ ᠰᠢᠩᠭᠡᠭᠡᠨ ᠠᠪᠴᠤ ᠳᠡᠶᠢᠯᠬᠦ ᠨᠤᠷᠮ᠎ᠠ ᠨᠢ ᠵᠦᠳᠡᠭᠦᠦ 3% — 5% ᠳᠡᠳᠦᠢ ᠯᠡ ᠪᠠᠶᠢᠳᠠᠭ᠃ ᠳᠡᠶᠢᠮᠦ ᠠᠴᠠ ᠤᠯᠠᠭᠠᠨ ᠢᠳᠡᠭᠡᠨ ᠪᠤᠯ ᠪᠠᠶᠢᠭᠠᠯᠢ ᠶᠢᠨ ᠳᠡᠮᠦᠷ ᠨᠦᠬᠦᠬᠦ ᠢᠳᠡᠭᠡᠨ ᠪᠤᠯᠤᠨ᠎ᠠ᠂ ᠳᠡᠶᠢᠮᠦ ᠳᠡᠮᠦᠷ ᠠᠮᠠᠷᠬᠠᠨ ᠳᠤᠳᠠᠭᠤᠳᠠᠬᠤ ᠪᠠᠶᠢᠳᠠᠯ ᠭᠠᠷᠳᠠᠭ ᠬᠡᠦᠬᠡᠳ᠂ ᠵᠠᠯᠠᠭᠤ ᠪᠦᠰᠡᠭᠦ᠋ᠢᠴᠤᠤᠯ᠂ ᠨᠠᠰᠤᠳᠠᠶᠢᠴᠤᠳ ᠲᠤᠠᠪᠴᠤ ᠬᠡᠯᠡᠪᠡᠯ ᠤᠯᠠᠭᠠᠨ ᠢᠳᠡᠭᠡᠨ ᠢᠯᠡᠭᠦᠦ ᠢᠳᠡᠬᠦ ᠴᠢᠬᠤᠯᠠᠳᠠᠢ ᠪᠠᠶᠢᠳᠠᠭ᠃    

ᠴᠠᠶᠢᠷ ᠨᠦᠬᠦᠬᠦ ᠦᠢᠯᠡᠳᠦᠯ ᠨᠢ ᠬᠠᠮᠤᠭ ᠤᠨ ᠰᠠᠶᠢᠨ᠃ ᠴᠠᠶᠢᠷ ᠨᠢ ᠦᠰᠦᠯᠳᠡ ᠪᠤᠶᠢᠵᠢᠯᠳᠠ᠂ ᠪᠡᠯᠭᠡ ᠶᠢᠨ ᠪᠤᠶᠢᠵᠢᠯᠳᠠ ᠲᠠᠢ ᠴᠢᠬᠤᠯᠠ ᠬᠤᠯᠪᠤᠭ᠎ᠠ ᠲᠠᠢ ᠪᠠᠶᠢᠵᠤ᠂ ᠬᠡᠪᠡᠯᠢ ᠳᠠᠬᠢ ᠬᠡᠦᠬᠡᠳ ᠤᠨ ᠳᠠᠷᠢᠬᠢᠨ ᠤ ᠪᠤᠶᠢᠵᠢᠯᠳᠠ ᠶᠢ ᠨᠦᠯᠦᠭᠡᠯᠡᠳᠡᠭ᠃ ᠤᠯᠠᠭᠠᠨ ᠢᠳᠡᠭᠡᠨ ᠳᠤ ᠠᠭᠤᠯᠤᠭᠳᠠᠬᠤ ᠴᠠᠶᠢᠷ ᠡᠯᠪᠡᠭ ᠪᠠᠶᠢᠳᠠᠭ ᠪᠦᠭᠡᠳ ᠰᠢᠩᠭᠡᠭᠡᠨ ᠠᠪᠴᠤ ᠳᠡᠶᠢᠯᠬᠦ ᠨᠤᠷᠮ᠎ᠠ ᠨᠢ ᠮᠦᠨ ᠤᠷᠭᠤᠮᠠᠯ ᠤᠨ ᠭᠠᠷᠤᠯ ᠲᠠᠢ ᠢᠳᠡᠭᠡᠨ ᠤ ᠬᠢ ᠠᠴᠠ ᠨᠡᠩ ᠦᠨᠳᠦᠷ ᠪᠠᠶᠢᠳᠠᠭ ᠪᠠ ᠮᠦᠨ ᠶᠠᠮᠠᠷ ᠴᠤ ᠳᠦᠷᠦᠯ ᠤᠨ ᠢᠳᠡᠭᠡᠨ ᠳᠤ ᠠᠭᠤᠯᠤᠭᠳᠠᠬᠤ ᠴᠠᠶᠢᠷ ᠢ ᠰᠢᠩᠭᠡᠭᠡᠨ ᠠᠪᠬᠤ ᠳᠤ ᠢᠳᠡᠪᠬᠢᠳᠠᠢ ᠳᠤᠰᠠᠯᠠᠬᠤ ᠦᠢᠯᠡᠳᠦᠯ ᠦᠵᠡᠭᠦᠯᠳᠡᠭ᠃ ᠴᠠᠶᠢᠷ ᠬᠠᠮᠤᠭ ᠤᠨ ᠡᠯᠪᠡᠭ ᠠᠭᠤᠯᠤᠭᠳᠠᠳᠠᠭ ᠬᠢᠰᠤᠭ᠎ᠠ ᠶᠢᠨ ᠳᠦᠷᠦᠯ ᠤᠨ ᠢᠳᠡᠭᠡᠨ ᠨᠢ ᠮᠠᠨ ᠤ ᠤᠯᠤᠰ ᠲᠤ ᠳᠡᠮᠡᠢ ᠵᠠᠢ ᠠᠪᠴᠤ ᠳᠡᠶᠢᠯᠦᠭᠡᠳᠦᠢ ᠪᠠᠶᠢᠳᠠᠭ ᠪᠤᠯᠬᠤᠷ ᠤᠯᠠᠭᠠᠨᠢᠳᠡᠭᠡᠨ ᠨᠢ ᠮᠠᠨ ᠤ ᠤᠯᠤᠰ ᠤᠨ ᠰᠠᠭᠤᠭᠠᠯᠢ ᠠᠷᠠᠳ ᠲᠤ ᠠᠪᠴᠤ ᠬᠡᠯᠡᠪᠡᠯ ᠬᠠᠮᠤᠭ ᠤᠨ ᠬᠢᠮᠳᠠ ᠬᠠᠮᠤᠭ ᠤᠨ ᠳᠦᠭᠦᠮ ᠴᠠᠶᠢᠷ ᠤᠨ ᠢᠷᠡᠯᠳᠡ ᠪᠤᠯᠵᠤ ᠪᠠᠶᠢᠳᠠᠭ ᠠᠵᠢ᠃ 

ᠰᠠᠶᠢᠨ ᠴᠢᠨᠠᠷ ᠤᠨ ᠤᠭᠤᠷᠠᠭ ᠬᠠᠩᠭᠠᠨ᠎ᠠ᠃ ᠮᠠᠯ ᠤᠨ ᠮᠢᠬᠠᠨ ᠤ ᠤᠭᠤᠷᠠᠭ ᠤᠨ ᠠᠭᠤᠯᠤᠭᠳᠠᠴᠠ ᠨᠢ 10% — 20% ᠪᠠᠶᠢᠵᠤ᠂ ᠬᠤᠨᠢ ᠦᠭᠡᠷ ᠤᠨ ᠮᠢᠬᠠᠨ ᠤ ᠤᠭᠤᠷᠠᠭ ᠤᠨ ᠠᠭᠤᠯᠤᠭᠳᠠᠴᠠ ᠨᠢ ᠭᠠᠭ᠋ᠠᠢ ᠶᠢᠨ ᠮᠢᠬᠠᠨ ᠠᠴᠠ ᠦᠨᠳᠦᠷ ᠪᠠᠶᠢᠳᠠᠭ᠃ ᠮᠠᠯ ᠤᠨ ᠮᠢᠬᠠᠨ ᠤ ᠤᠭᠤᠷᠠᠭ ᠤᠨ ᠠᠮᠢᠨ᠋ᠨᠣ᠋ ᠬᠦᠴᠢᠯ ᠤᠨ ᠪᠦᠷᠢᠯᠳᠦᠴᠡ ᠨᠢ ᠬᠦᠮᠦᠨ ᠤ ᠪᠡᠶ᠎ᠡ ᠶᠢᠨ ᠱᠠᠭᠠᠷᠳᠠᠯᠭ᠎ᠠ ᠳᠤ ᠨᠡᠩ ᠵᠤᠬᠢᠴᠠᠵᠤ ᠠᠰᠢᠬᠯᠠᠯᠳᠠ ᠨᠢ ᠦᠨᠳᠦᠷ ᠪᠠᠶᠢᠳᠠᠭ᠃ ᠡᠭᠦᠨ ᠠᠴᠠ ᠭᠠᠳᠠᠨ᠎ᠠ᠂ ᠮᠢᠬᠠᠨ ᠢᠳᠡᠭᠡᠨ ᠳᠠᠬᠢ ᠤᠭᠤᠷᠠᠭ ᠨᠢ ᠪᠠᠰᠠ ᠳᠡᠮᠦᠷ ᠢ ᠰᠢᠩᠭᠡᠭᠡᠨᠠᠪᠬᠤ ᠳᠤᠰᠠᠯᠠᠬᠤ ᠦᠢᠯᠡᠳᠦᠯ ᠦᠵᠡᠭᠦᠯᠳᠡᠭ ᠪᠠ ᠪᠤᠯᠴᠢᠩ ᠤᠨ ᠬᠤᠷᠤᠭᠳᠠᠯ ᠢ ᠰᠡᠷᠭᠡᠶᠢᠯᠡᠳᠡᠭ ᠪᠠᠶᠢᠵᠤ᠂ ᠪᠡᠶ᠎ᠡ ᠮᠠᠬᠠᠪᠤᠳ ᠨᠢᠦᠳᠡᠯᠬᠦ ᠵᠦᠭ ᠲᠡᠭᠡᠨ ᠬᠠᠨᠳᠤᠭᠰᠠᠨ ᠨᠠᠰᠤᠳᠠᠶᠢᠴᠤᠳ ᠵᠢᠴᠢ ᠪᠤᠯᠴᠢᠩ ᠢᠶᠠᠨ ᠨᠡᠮᠡᠭᠳᠡᠭᠦᠯᠵᠦ ᠪᠠᠶᠢᠭ᠎ᠠ ᠪᠡᠶ᠎ᠡ ᠴᠢᠬᠢᠷᠠᠭᠵᠢᠭᠤᠯᠤᠭᠰᠠᠳᠵᠤᠬᠢᠬᠤ ᠬᠡᠮᠵᠢᠶᠡᠨ ᠤ ᠮᠠᠯ ᠤᠨ ᠮᠢᠬ᠎ᠠ ᠢᠳᠡᠵᠦ ᠪᠠᠶᠢᠪᠠᠯ ᠵᠤᠬᠢᠨ᠎ᠠ᠃      

B ᠲᠦᠷᠦᠯ ᠤᠨ ᠸᠢᠲ᠋ᠠᠮᠢᠨ ᠤ ᠴᠢᠬᠤᠯᠠ ᠬᠠᠩᠭᠠᠯᠭ᠎ᠠ ᠶᠢᠨ ᠢᠷᠡᠯᠳᠡ ᠪᠤᠯᠤᠨ᠎ᠠ᠃ ᠮᠠᠯ ᠤᠨ ᠮᠢᠬᠠᠨ ᠳᠤ ᠨᠡᠯᠢᠶᠡᠳ ᠬᠡᠮᠵᠢᠶᠡᠨ ᠤ B12᠂ B3᠂ B9 ( ᠨᠠᠪᠴᠢᠨ ᠬᠦᠴᠢᠯ )ᠪᠠ B7 ᠵᠡᠷᠭᠡ ᠶᠢ ᠠᠭᠤᠯᠵᠤ᠂ ᠤᠨᠴᠠᠭᠠᠢᠢᠯᠠᠨ ᠭᠠᠭ᠋ᠠᠢ ᠶᠢᠨ ᠮᠢᠬᠠᠨ ᠳᠤ B ᠲᠦᠷᠦᠯ ᠤᠨ ᠸᠢᠲ᠋ᠠᠮᠢᠨ ᠡᠯᠪᠡᠭ ᠠᠭᠤᠯᠤᠭᠳᠠᠵᠤ᠂ ᠸᠢᠲ᠋ᠠᠮᠢᠨ B1 ᠶᠢᠨ ᠠᠭᠤᠯᠤᠭᠳᠠᠴᠠ ᠨᠢ 0.54 ᠮᠢᠯᠢᠭᠷᠡᠮ /100 ᠭᠷᠡᠮ ᠳᠤ ᠬᠦᠷᠳᠡᠭ᠃ ᠡᠭᠦᠨ ᠳᠤ᠂ ᠸᠢᠲ᠋ᠠᠮᠢᠨ B12 ᠢ ᠳ᠋ᠠᠩ ᠤᠷᠭᠤᠮᠠᠯ ᠤᠨ ᠳᠦᠷᠦᠯ ᠤᠨ ᠢᠳᠡᠭᠡᠨ ᠠᠴᠠ ᠤᠯᠵᠤ ᠳᠡᠶᠢᠯᠳᠡᠭ ᠦᠭᠡᠢ᠂ ᠬᠦᠮᠦᠨ ᠤ ᠪᠡᠶ᠎ᠡ ᠳᠤ ᠸᠢᠲ᠋ᠠᠮᠢᠨ B12 ᠳᠤᠳᠠᠭᠳᠠᠬᠤ ᠳᠤ ᠬᠦᠷᠪᠡᠯ ᠤᠶᠤᠨ ᠮᠡᠳᠡᠷᠡᠯ ᠪᠠ ᠹᠢᠽᠢᠦᠯᠦᠭᠢ ᠶᠢᠨ ᠳᠠᠯ᠎ᠠ ᠶᠢᠨ ᠳᠤᠭᠤᠯᠳᠠᠯ ᠢᠯᠡᠷᠳᠡᠭ᠃ ᠮᠠᠯ ᠤᠨ ᠮᠢᠬ᠎ᠠ ᠪᠤᠯ ᠬᠦᠮᠦᠨ ᠤ ᠪᠡᠶ᠎ᠡ ᠳᠤ ᠸᠢᠲ᠋ᠠᠮᠢᠨ B12 ᠢ ᠬᠠᠩᠭᠠᠬᠤ ᠴᠢᠬᠤᠯᠠ ᠠᠷᠭ᠎ᠠ ᠵᠠᠮ ᠪᠤᠯᠤᠨ᠎ᠠ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ