1.jpg

ᠤᠯᠤᠰ ᠤᠨ ᠤᠷᠤᠯᠳᠤᠭᠠᠨ ᠳᠤ ᠮᠤᠩᠭᠤᠯ ᠮᠤᠷᠢ ᠳᠡᠷᠢᠭᠦᠯᠡᠭᠰᠡᠨ ᠭᠡᠨ᠎ᠠ ᠁

ᠦᠦᠰᠢᠨ ᠨᠤᠲᠤᠭ ᠤᠨ ᠤᠰᠤᠨ ᠵᠢᠷᠤᠭ᠎ᠠ ᠮᠤᠷᠢ ᠭᠡᠳᠡᠭ ᠴᠢᠨᠢ ᠳᠠᠷᠠ ᠳ᠋ᠠ ᠁

ᠮᠠᠯᠴᠢᠨ ᠠᠷᠠᠳ ᠨᠢ ᠬᠠᠯᠠᠭᠤᠨ ᠬᠤᠰᠢᠭᠤᠳᠦ ᠬᠤᠨᠢ ᠪᠠᠷ ᠢᠶᠠᠨ᠂ ᠤᠯᠠᠭᠠᠨᠳᠤᠯᠤᠭᠠᠢ ᠪᠠᠯᠭᠠᠰᠤᠨ ᠤ ᠨᠠᠮ ᠵᠠᠰᠠᠭ ᠤᠨ ᠬᠢᠨ ᠵᠤᠷᠢᠭᠵᠢᠭᠤᠯᠤᠯ ᠤᠨ ᠮᠦᠡᠭᠭᠦ ᠪᠠᠷ ᠢᠶᠠᠨ ᠨᠤᠲᠤᠬ ᠤᠰᠤᠨ ᠤ ᠪᠠᠨ ᠨᠠᠷ᠎ᠠ ᠶᠢ ᠠᠯᠳᠠᠷᠰᠢᠭᠤᠯᠤᠭᠰᠠᠨ ᠤᠶᠠᠭᠠᠴᠢᠳ ᠢᠶᠠᠨ ᠤᠭᠳᠤᠭᠰᠠᠨ ᠭᠡᠨ᠎ᠠ ᠁

ᠤᠶᠠᠭᠰᠠᠨ ᠡᠵᠡᠨ᠂ ᠤᠨᠤᠭᠰᠠᠨ ᠬᠦᠮᠦᠨ᠂ ᠤᠷᠮ ᠎ᠠ ᠬᠠᠶᠢᠷᠠᠯᠠᠭᠰᠠᠨ ᠤᠰᠤ ᠨᠤᠳᠤᠭ ᠤᠨ ᠬᠢᠨ ᠢᠶᠠᠨ ᠪᠠᠶᠠᠷᠯᠠᠭᠤᠯᠤᠨ ᠳᠤᠭᠳᠤᠯᠤᠭᠤᠯᠤᠭᠰᠠᠨ ᠮᠤᠩᠭᠤᠯ ᠮᠤᠷᠢᠨ ᠤ ᠪᠠᠰᠠ ᠨᠢᠭᠡᠨ ᠰᠠᠶᠢᠬᠠᠨ ᠴᠢᠮᠡᠭᠡ ᠠᠳᠠ ᠠᠴᠠ ᠳᠤᠭᠤᠯᠳᠠᠵᠤ ᠪᠠᠶᠢᠨ᠎ᠠ᠃

5 ᠡᠳᠦᠷ ᠤᠨ ᠬᠤᠭᠤᠴᠠᠭ᠎ᠠ ᠲᠠᠢ ᠶᠠᠪᠤᠭᠳᠠᠵᠤ᠂ ᠰᠢᠨᠵᠢᠶᠠᠩ᠂ ᠭᠠᠨᠰᠦ᠂ ᠬᠦᠬᠡᠨᠠᠭᠤᠷ᠂ ᠰᠧᠴᠤᠸᠠᠨ᠂ ᠦᠪᠦᠷ ᠮᠣᠩᠭᠤᠯ ᠵᠡᠷᠭᠡ ᠮᠤᠵᠢ ᠣᠷᠣᠨ ᠤ 600 ᠭᠠᠷᠤᠢ ᠵᠢᠷᠤᠭ᠎ᠠ ᠮᠣᠷᠢ ᠣᠷᠣᠯᠴᠠᠭᠰᠠᠨ ᠪᠦᠬᠦ ᠣᠯᠣᠰ ᠤᠨ ᠴᠦᠬᠡᠨ ᠲᠣᠭᠠᠲᠤ ᠦᠨᠳᠦᠰᠦᠲᠡᠨ ᠤ ᠵᠢᠷᠤᠭ᠎ᠠ ᠮᠣᠷᠢᠨ ᠤ ᠣᠷᠣᠯᠳᠤᠭᠠᠨ 3 ᠰᠠᠷ᠎ᠠ ᠶᠢᠨ 8 ᠤ ᠡᠳᠦᠷ ᠭᠠᠨᠰᠦ ᠮᠤᠵᠢ ᠶᠢᠨ ᠲᠢᠶᠠᠨ ᠵᠣᠣ ᠰᠢᠶᠠᠨ ᠳᠤ ᠦᠨᠳᠦᠷᠯᠡᠵᠡᠢ᠃

ᠲᠣᠰ ᠣᠷᠣᠯᠳᠤᠭᠠᠨ ᠳᠤ᠂ ᠣᠰᠤᠨ ᠵᠢᠷᠤᠭ᠎ᠠ ᠮᠣᠷᠢᠨ ᠤ ᠦᠯᠦᠭᠡᠢ ᠪᠣᠯᠣᠭᠰᠠᠨ ᠦᠦᠰᠢᠨ ᠨᠣᠲᠤᠭ ᠤᠨ ᠤᠶᠠᠭᠠᠴᠢ ᠡᠷᠭᠢᠮᠪᠢᠯᠢᠭ ᠤᠨ ᠵᠢᠷᠤᠭ᠎ᠠ ᠬᠠᠯᠲᠠᠷ ᠮᠣᠷᠢ 500m  ᠤᠨ ᠣᠷᠣᠯᠳᠤᠭᠠᠨ ᠳᠤ ᠲᠡᠷᠢᠭᠦᠯᠡᠵᠦ᠂ 15000 ᠲᠦᠭᠦᠷᠢᠭ ᠢᠶᠠᠷ ᠱᠠᠩᠨᠠᠭᠤᠯᠵᠤ᠂ ᠣᠳᠤᠭ ᠬᠤᠰᠢᠭᠤᠨ ᠤ ᠤᠶᠠᠭᠠᠴᠢ ᠪᠠᠭᠠᠲᠤᠷ ᠤᠨ ᠵᠢᠷᠤᠭ᠎ᠠ ᠬᠦᠷᠡᠩ ᠮᠣᠷᠢ ᠠᠮᠠᠨ ᠬᠦᠵᠦᠭᠦᠨ ᠳᠤ᠂ ᠣᠲᠤᠭ ᠤᠨ ᠡᠮᠦᠨᠡᠲᠦ ᠬᠤᠰᠢᠭᠤᠨ ᠤ ᠤᠶᠠᠭᠠᠴᠢ ᠵᠣᠣ ᠱᠥᠢ ᠬᠤᠤ ᠶᠢᠨ ᠵᠢᠷᠤᠭ᠎ᠠ ᠬᠠᠯᠲᠠᠷ ᠮᠣᠷᠢ ᠠᠷᠪᠠᠨ ᠭᠤᠷᠪᠠᠳᠤᠭᠠᠷ ᠲᠤ ᠲᠣᠳᠤᠷᠠᠵᠦ᠂ ᠭᠠᠨᠵᠤᠭ᠎ᠠ ᠳᠦᠭᠦᠷᠡᠩ ᠨᠣᠲᠤᠭ ᠪᠣᠴᠠᠵᠠᠢ᠃

ᠡᠨᠡ ᠭᠦ ᠪᠡᠶᠡᠷᠳᠦ ᠴᠢᠮᠡᠭᠡ ᠪᠠᠷ᠂ ᠦᠦᠰᠢᠨ ᠬᠤᠰᠢᠭᠤᠨ ᠤ ᠤᠯᠠᠭᠠᠨᠳᠤᠯᠤᠭᠠᠢ ᠪᠠᠯᠭᠠᠰᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠨᠢ ᠬᠤᠰᠢᠭᠤᠨ ᠤ ᠰᠤᠶᠤᠯ ᠪᠠ ᠵᠢᠭᠤᠯᠴᠢᠯᠠᠯ ᠤᠨ ᠳᠤᠪᠴᠢᠶ᠎ᠠ᠂ ᠮᠠᠯ ᠠᠵᠤ ᠠᠬᠤᠢ ᠶᠢᠨ ᠳᠤᠪᠴᠢᠶ᠎ᠠ ᠵᠡᠷᠭᠡ ᠬᠠᠮᠢᠶ᠎ᠠ ᠪᠦᠭᠦᠢ ᠪᠠᠶᠢᠭᠤᠯᠭ᠎ᠠ ᠨᠢᠭᠡᠴᠢ ᠶᠢᠨ ᠬᠢᠨ ᠲᠠᠢ ᠬᠠᠮᠳᠤᠷᠠᠨ᠂ ᠨᠤᠲᠤᠬ ᠤᠰᠤᠨ ᠤ ᠪᠠᠨ ᠠᠯᠳᠠᠷ ᠨᠡᠷ᠎ᠠ ᠶᠢ ᠭᠠᠶᠢᠬᠠᠭᠤᠯᠤᠭᠰᠠᠨ ᠤᠶᠠᠭᠠᠴᠢᠳ ᠪᠣᠯᠣᠨ ᠣᠰᠣᠨ ᠵᠢᠷᠤᠭ᠎ᠠ ᠮᠣᠷᠢᠳ ᠢᠶᠠᠨ ᠬᠠᠯᠠᠭᠤᠨ ᠢᠶᠠᠷ ᠤᠭᠲᠤᠨ ᠠᠪᠴᠤ᠂ ᠮᠣᠷᠢᠳ ᠢᠶᠠᠨ ᠮᠢᠯᠢᠶᠠᠵᠤ᠂ ᠤᠶᠠᠭᠠᠴᠢᠳ ᠢᠶᠠᠨ ᠱᠠᠩᠨᠠᠭᠰᠠᠨ ᠪᠠᠶᠢᠨ᠎ᠠ᠃ ᠤᠯᠠᠭᠠᠨᠳᠤᠯᠤᠭᠠᠢ ᠪᠠᠯᠭᠠᠰᠤ ᠠᠴᠠ ᠤᠶᠠᠭᠠᠴᠢ ᠡᠷᠭᠢᠮᠪᠢᠯᠢᠭ ᠤᠨ ᠮᠤᠷᠢᠨ ᠤ ᠠᠵᠤ ᠦᠢᠯᠡᠰ ᠢ ᠬᠦᠭᠵᠢᠭᠦᠯᠦᠭᠰᠡᠨ ᠢ ᠵᠤᠷᠢᠬᠵᠢᠭᠤᠯᠵᠤ᠂ 10000 ᠳᠦᠭᠦᠷᠢᠭ ᠢᠶᠠᠷ ᠬᠦᠬᠢᠭᠦᠯᠦᠭᠰᠡᠨ ᠶᠤᠮ᠃

ᠤᠶᠠᠭᠠᠴᠢ ᠡᠷᠭᠢᠮᠪᠢᠯᠢᠭ ᠰᠤᠷᠪᠤᠯᠵᠢᠯᠠᠭ᠎ᠠ ᠬᠦᠯᠢᠶᠡᠨ᠄ 《ᠡᠶᠢᠮᠦ ᠶᠡᠭᠡ ᠠᠮᠵᠢᠯᠳᠠ ᠤᠯᠤᠨ᠎ᠠ ᠭᠡᠵᠤ ᠰᠠᠨᠠᠭ᠎ᠠ ᠦᠭᠡᠢ᠂ ᠨᠡᠩ ᠢᠯᠡᠩᠭᠤᠶ᠎ᠠ ᠬᠠᠷᠢᠵᠤ ᠢᠷᠡᠭᠰᠡᠨ ᠤ ᠳᠠᠷᠠᠭ᠎ᠠ ᠨᠤᠳᠤᠭ ᠤᠰᠤᠨ ᠤ ᠠᠷᠠᠳ ᠳᠦᠮᠠᠨ᠂ ᠬᠤᠰᠢᠭᠤ ᠰᠤᠮᠤᠨ ᠤ ᠨᠠᠮ ᠵᠠᠰᠠᠭ ᠤᠨ ᠬᠢᠨ ᠡᠶᠢᠨ ᠭᠦ ᠤᠷᠮᠠᠰᠢᠭᠤᠯᠤᠨ ᠵᠤᠷᠢᠭᠵᠢᠭᠤᠯᠤᠨ᠎ᠠ ᠭᠡᠵᠤ ᠰᠠᠨᠠᠭᠠᠨ ᠳᠤ ᠦᠭᠡᠢ ᠶᠠᠪᠤᠯ᠎ᠠ᠃ ᠳᠠᠳᠠᠨᠠᠷ ᠲᠠᠭᠠᠨ ᠮᠠᠰᠢ ᠶᠡᠭᠡ ᠪᠠᠶᠠᠷᠯᠠᠵᠤ ᠪᠠᠶᠢᠨ᠎ᠠ ᠰᠢᠦ᠃ ᠮᠠᠨᠠᠶᠢᠭᠢᠨ ᠤ ᠤᠰᠤᠨ ᠵᠢᠷᠤᠭ᠎ᠠ ᠮᠤᠷᠢ ᠶᠢ 300 ᠮᠧᠳ᠋ᠷ ᠳᠠᠯᠪᠢᠳᠠᠭ ᠪᠤᠯ ᠳᠠᠨᠳᠠ 500 ᠮᠧᠳ᠋ᠷ ᠳᠠᠯᠪᠢᠵᠤ ᠪᠤᠢ᠃ ᠳᠠᠪᠤ ᠤᠳᠠᠭ᠎ᠠ ᠶᠠᠪᠤᠪᠠᠯ ᠨᠢᠭᠡ ᠨᠤᠭᠤᠯᠵᠤ ᠪᠠᠶᠢᠨ᠎ᠠ᠃ ᠠᠵᠢᠭᠠᠳ ᠪᠠᠶᠢᠭᠰᠠᠨ ᠭᠠᠨᠰᠦ ᠮᠤᠵᠢ ᠶᠢᠨ ᠪᠠᠭ᠎ᠠ ᠮᠤᠷᠢ ᠭᠦᠶᠦᠭᠦ ᠨᠢ ᠰᠠᠶᠢᠨ᠃ ᠳᠤᠰ ᠤᠳᠠᠭᠠᠨ ᠤ ᠤᠷᠤᠯᠳᠤᠭᠠᠨ ᠤ ᠭᠢᠨᠠᠨ ᠳᠤᠭᠳᠠᠭᠠᠯᠳᠠ ᠮᠠᠰᠢ ᠭᠤᠤᠯᠴᠢ ᠪᠠᠶᠢᠭᠰᠠᠨ᠂ ᠭᠠᠳᠠᠨ᠎ᠠ ᠳᠤᠳᠤᠨ᠎ᠠ ᠶᠢᠨ ᠬᠢ ᠭᠡᠵᠤ ᠢᠯᠭᠠᠬᠤ ᠦᠭᠡᠢ᠂ ᠤᠷᠤᠯᠳᠤᠭᠠᠨ ᠳᠡᠮᠡᠴᠡᠭᠡᠨ ᠢ ᠰᠠᠶᠢᠬᠠᠨ ᠵᠤᠭᠢᠶᠠᠨ ᠪᠠᠶᠢᠭᠤᠯᠤᠬᠰᠠᠨ 》 ᠭᠡᠵᠤ ᠰᠡᠳᠭᠢᠭᠳᠡᠯ ᠢᠶᠠᠨ ᠬᠤᠪᠢᠶᠠᠯᠴᠠᠭᠰᠠᠨ ᠪᠢᠯᠠ᠃

ᠳᠤᠰ ᠤᠳᠠᠭᠠᠨ ᠤ ᠤᠭᠳᠤᠯᠭ᠎ᠠ ᠶᠢᠨ ᠶᠤᠰᠤᠯᠠᠯ ᠤᠨ ᠳᠠᠷᠠᠭ᠎ᠠ᠂ ᠦᠤᠰᠢᠨ ᠬᠤᠰᠢᠭᠤᠨ ᠤ ᠠᠳᠤᠭᠤᠨ ᠤ ᠠᠵᠤ ᠦᠢᠯᠡᠰ ᠤᠨ ᠨᠡᠶᠢᠭᠡᠮᠯᠢᠭ ᠤᠨ ᠭᠡᠰᠢᠭᠦᠨ᠂ ᠰᠦᠯᠳᠠ ᠰᠤᠮᠤᠨ ᠤ ᠳᠠᠯ᠎ᠠ ᠶᠢᠨ ᠤᠰᠤᠨ ᠭᠠᠴᠠᠭᠠᠨ ᠤ ᠤᠶᠠᠭᠠᠴᠢᠨ ᠡᠷᠳᠡᠨᠢᠳᠡᠭᠦᠰ ᠳᠠᠷᠢᠭᠦᠳᠠᠢ ᠮᠠᠯᠴᠢᠳ᠂ ᠤᠶᠠᠭᠠᠴᠢᠳ ᠤᠨ ᠨᠠᠶᠢᠷ ᠢ ᠵᠤᠭᠢᠶᠠᠨ ᠪᠠᠶᠢᠭᠤᠯᠤᠭᠰᠠᠨ ᠢᠶᠠᠷ ᠪᠠᠷᠠᠬᠤ ᠦᠭᠡᠢ᠂ ᠪᠦᠭᠦ ᠤᠯᠤᠰ ᠤᠨ ᠤᠷᠤᠯᠳᠤᠭᠠᠨ ᠳᠤ ᠤᠷᠤᠯᠴᠠᠵᠤ ᠮᠤᠩᠭᠤᠯ ᠳᠦᠮᠠᠨ ᠢᠶᠠᠨ ᠪᠠᠶᠠᠰᠬᠠᠭᠰᠠᠨ ᠦᠤᠰᠢᠨ ᠬᠤᠰᠢᠭᠤᠨ ᠤ ᠤᠶᠠᠭᠠᠴᠢ ᠡᠷᠭᠢᠮᠪᠢᠯᠢᠭ᠂ ᠤᠳᠤᠭ ᠬᠤᠰᠢᠭᠤᠨ ᠤ ᠤᠶᠠᠭᠠᠴᠢ ᠪᠠᠭᠠᠳᠤᠷ᠂ ᠤᠳᠤᠭ ᠤᠨ ᠡᠮᠦᠨᠠᠳᠦ ᠬᠤᠰᠢᠭᠤᠨ ᠤ ᠤᠶᠠᠭᠠᠴᠢ ᠵᠤᠤ ᠱᠦᠢ ᠬᠦ ᠨᠠᠷ ᠲᠠᠭᠠᠨ ᠬᠠᠯᠠᠭᠤᠨ ᠬᠤᠰᠢᠭᠤᠳᠦ ᠬᠤᠨᠢ ᠱᠠᠩᠨᠠᠵᠤ᠂ ᠨᠤᠳᠤᠭ ᠤᠰᠤᠨ ᠤ ᠪᠠᠨ ᠨᠠᠷ᠎ᠠ ᠠᠯᠳᠠᠷ ᠢ ᠡᠷᠭᠦᠭᠰᠡᠨ ᠪᠠᠶᠠᠰᠤᠯᠳᠦ ᠮᠦᠴᠠ ᠪᠠᠨ ᠡᠶᠢᠨ ᠬᠦ ᠳᠠᠮᠳᠡᠭᠯᠡᠭᠰᠡᠨ ᠪᠠᠶᠢᠯ ᠎ᠠ᠃(ᠨᠠᠮᠤᠷ᠎ᠠ ᠴᠡᠩᠭᠡᠯ ᠬᠠᠰᠪᠤᠶᠠᠨᠳᠦ)   

8de49934-3d64-4a26-819a-c1967ff956ac.jpg

8c212f73-44dc-4ea0-948f-b2f0d921972d.jpg

7.png

ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ