e6459908-75c6-4199-86b9-7394d98f7d36.jpg

ᠪᠡᠭᠡᠵᠢᠩ  ᠤᠨ ᠴᠠᠬ ᠢᠶᠠᠷ 3ᠰᠠᠷ᠎ᠠ  ᠶᠢᠨ 10 ᠤ ᠥᠷᠯᠥᠭᠡ᠂ ᠠᠮᠧᠷᠢᠺᠠ  ᠶᠢᠨ ᠯᠤᠰ ᠠᠩᠵᠧᠯᠧᠰ ᠲᠤ ᠶᠠᠪᠤᠬᠳᠠᠬᠰᠠᠨ ᠡᠷᠡᠭᠳᠠᠢ  ᠶᠢᠨ 100m  ‍ᠤᠨ‌ ᠤᠷᠤᠯᠳᠤᠭᠠᠨ ᠲᠤ ᠲᠤᠮᠳᠠᠳᠤ  ᠶᠢᠨ ᠮᠤᠩᠭᠤᠯ ᠲᠠᠮᠢᠷᠴᠢᠨ ᠡᠤ ᡁᠢ ᠴᠢᠶᠠᠩ 10 ᠰᠧᠺᠦ᠋ᠨ᠋ᠲ 28  ᠶᠢᠨ ᠬᠢᠷᠢ ᠪᠥᠳᠤᠮᠵᠢ ᠪᠠᠷ‌‍ᠲ᠋ᠥ᠋ᠷᠥᠬᠦᠯᠡᠵᠥ᠂ ᠲᠠᠯᠠᠪᠠᠢ ᠲᠠᠶᠠᠭᠠᠷ  ᠢ ᠲᠤᠩᠰᠤᠯᠭᠠᠪᠠ᠃ ᠡᠤ ᡁᠢ ᠴᠢᠶᠠᠩ ᠪᠤᠯ ᠲᠥᠡᠭᠯᠢᠶᠤᠤ ᠬᠤᠳᠠ  ᠶᠢᠨ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠳᠤ ᠨᠤᠳᠤᠬᠳᠠᠢ ᠮᠤᠩᠭᠤᠯ ᠵᠠᠯᠠᠭᠤ ᠶᠤᠮ᠂ ᠤᠳᠤ ᠤᠯᠤᠰ  ᠤᠨ ᠠᠩᠭᠢ  ᠶᠢᠨ ᠲᠠᠮᠢᠷᠴᠢᠨ ᠵᠢᠡᠷ‌‍ᠲ᠋ᠠᠪᠳᠠᠬᠳᠠᠨ  ᠪᠤᠯᠪᠠᠰᠤᠷᠠᠬᠳᠠᠵᠥ  ᠪᠤᠢ᠃ 

ᠥᠢᠯᠠᠭᠠᠬᠰᠠᠨ ᠢᠶᠠᠷ᠂ ᠠᠮᠧᠷᠢᠺᠠ  ᠶᠢᠨ ᠯᠤᠰ ᠠᠩᠵᠧᠯᠰᠧᠰ ᠲᠤ ᠡᠪᠤᠯ  ᠤᠨ ᠤᠯᠠᠷᠢᠯ  ᠤᠨ ᠰᠤᠷᠢᠯᠳᠠ ᠬᠢᠵᠥ ᠪᠠᠶᠢᠭ᠎ᠠ ᠤᠯᠤᠰ ᠤᠨ ᠠᠩᠭᠢ ᠶᠢᠨ ᠬᠢᠨ ᠡᠨᠡ ᠵᠢᠯ ᠤᠨ ᠬᠤᠶᠠᠷ  ᠰᠠᠷ᠎ᠠ ᠠᠴᠠ ᠡᠬᠢᠯᠡᠨ  ᠠᠮᠧᠷᠢᠺᠠ ᠲᠤ ᠶᠠᠪᠤᠬᠳᠠᠬᠰᠠᠨ  ᠠᠳᠠᠯᠢ  ᠪᠤᠰᠤ‌ᠤᠷᠤᠯᠳᠤᠭᠠᠨ ᠲᠤ ᠤᠷᠤᠯᠴᠠᠵᠤ᠂ ᠡᠬᠦᠨ ᠢᠶᠠᠷ ᠲᠠᠮᠵᠢᠨ ᠡᠪᠤᠯ  ᠤᠨ ᠤᠯᠠᠷᠢᠯ  ᠤᠨ ᠰᠤᠷᠢᠯᠳᠠ  ᠶᠢᠨ  ᠥᠷ᠎ᠠ  ᠪᠥᠳᠥᠮᠵᠢ ᠪᠠᠨ‌‍ᠰᠢᠯᠭᠠᠵᠤ ᠪᠠᠶᠢᠴᠠᠭᠠᠨ ᠲᠠᠷᠠᠭᠠᠴᠢ  ᠶᠢᠨ ᠨᠢᠬᠡ ᠬᠤᠭᠤᠴᠠᠭᠠᠨ ᠤ ᠰᠤᠷᠢᠯᠳᠠ  ᠶᠢᠨ ᠲᠥᠯᠥᠪᠵᠢᠬᠦᠯᠭᠡ ᠪᠠᠨ ᠪᠡᠯᠡᠳᠭᠡᠵᠥ  ᠪᠤᠢ᠃ᠲᠠᠮᠢᠷᠴᠢᠨ ᠡᠤ ᡁᠢ ᠴᠢᠶᠠᠩ ᠲᠤᠰ  ᠤᠳᠠᠭ᠎ᠠ   ᠶᠢᠨ  ᠡᠪᠤᠯ   ᠤᠨ  ᠤᠯᠠᠷᠢᠯ   ᠤᠨ  ᠰᠤᠷᠢᠯᠳᠠ ᠶᠢᠨ  ᠬᠤᠭᠤᠴᠠᠭᠠᠨ ᠳ᠋ᠠᠭᠠᠨ‌ᠤᠷᠤᠯᠴᠠᠬᠰᠠᠨ  ᠲᠥᠷᠥᠬᠦᠤ  ᠲᠡᠯᠡᠪᠤᠷ  ᠤᠷᠤᠯᠳᠤᠭᠠᠨ ᠲᠤ  10  ᠰᠧᠺᠦ᠋ᠨ᠋ᠲ 60   ᠶᠢᠨ  ᠬᠢᠷᠢ ᠪᠥᠳᠤᠮᠵᠢ ᠶᠢ ᠤᠯᠵᠥ ᠂ ᠬᠤᠶᠠᠳᠤᠭᠠᠷ ᠲᠠᠯᠠᠪᠤᠷ ᠤᠷᠤᠯᠳᠤᠭᠠᠨ ᠲᠤ 10 ᠰᠧᠺᠦ᠋ᠨ᠋ᠲ 22  ᠤᠨ ᠬᠢᠷᠢ ᠪᠥᠳᠤᠮᠵᠢ ᠪᠠᠷ ᠬᠤᠪᠢ ᠬᠥᠮᠥᠨ ᠤ ᠪᠠᠨ ᠬᠠᠮᠤᠬ‌‍ᠤᠨ ᠰᠠᠶᠢᠢᠨ ᠬᠢᠷᠢ ᠪᠥᠳᠥᠮᠵᠢ ᠶᠢ ᠡᠬᠦᠳᠴᠠᠢ ᠃ ᠲᠤᠰ ᠤᠳᠠᠭ᠎ᠠ  ᠶᠢᠨ ᠤᠷᠤᠯᠳᠤᠭᠠᠨ ᠪᠤᠯ ᠲᠡᠬᠦᠨ ᠤ ᠭᠤᠷᠪᠠᠳᠤᠭᠠᠷ ᠲᠠᠯᠠᠪᠤᠷ‌ᠤᠷᠤᠯᠳᠤᠭᠠᠨ ᠪᠠᠶᠢᠢᠵᠥ᠂ ᠬᠤᠪᠢ ᠬᠥᠮᠥᠨ ᠤ  ᠪᠠᠨ ᠲᠠᠪᠤᠳᠤᠭᠠᠷ ᠰᠠᠶᠢᠨ ᠬᠢᠷᠢ ᠪᠥᠳᠥᠮᠵᠢ ᠶᠢ ᠡᠬᠦᠳᠪᠠ᠃ ᠡᠤ  ᡁᠢ  ᠴᠢᠶᠠᠩ‌ᠤᠳᠤᠬᠠᠨ ᠪᠤᠯᠳᠠᠯ᠎ᠠ 10 ᠰᠧᠺᠦ᠋ᠨ᠋ᠲ 22 ᠪᠠ 10 ᠰᠧᠺᠦ᠋ᠨ᠋ᠲ 28 ᠶᠢᠨ ᠬᠢᠷᠢ  ᠪᠥᠳᠥᠮᠵᠢ ᠪᠠᠷ  ᠲᠤᠰ  ᠤᠷᠤᠯᠳᠤᠭᠠᠨ  ‍ᠣ‌ᠬᠤᠭᠤᠴᠠᠭᠠᠨ ᠲᠠᠬᠢ ᠪᠥᠬᠦ ᠤᠯᠤᠰ  ᠤᠨ ᠨᠢᠬᠡᠳᠤᠭᠡᠷ ᠨᠡᠷᠡᠰ ᠲᠤ  ᠵᠢᠬᠰᠠᠭᠠᠬᠳᠠᠵᠥ ᠪᠤᠢ᠃ 3 ᠰᠠᠷ᠎ᠠ  ᠶᠢᠨ 23 ᠤ ᠡᠳᠤᠷ᠂ ᠯᠤᠰ  ᠠᠩᠵᠧᠯᠰᠧᠰ ᠲᠤ  ᠰᠤᠷᠢᠯᠳᠠ  ᠬᠢᠵᠥ  ᠪᠠᠶᠢᠭ᠎ᠠ ᠤᠯᠤᠰ  ᠤᠨ ᠠᠩᠭᠢ ᠶᠢᠨ ᠬᠢᠨ ᠬᠠᠮᠤᠬ  ᠤᠨ ᠰᠡᠬᠦᠯᠴᠢ  ᠶᠢᠨ ᠨᠢᠬᠡ ᠲᠠᠯᠠᠪᠤᠷ ᠤᠷᠤᠯᠳᠤᠭᠠᠨ ᠲᠤ ᠤᠷᠤᠯᠴᠠᠵᠥ᠂ ᠡᠪᠤᠯ   ᠤᠨ  ᠤᠯᠠᠷᠢᠯ  ᠤᠨ ᠰᠤᠷᠢᠯᠳᠠ ᠪᠠᠨ ᠲᠠᠭᠤᠰᠬᠠᠨ ᠤᠯᠤᠰ ᠲᠠᠭᠠᠨ ᠪᠤᠴᠠᠵᠥ ᠢᠷᠡᠬᠦ ᠪᠤᠯᠤᠨ᠎ᠠ᠃ (ᠰᠤᠷᠪᠤᠯᠵᠢᠯᠠᠬᠴᠢ ᠥᠷᠭᠡᠨ)

c7eba193-7a1a-4101-8039-408703147633.jpg


ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ