1.jpg

ᠵᠢᠯ ᠪᠦᠷᠢ ᠶᠢᠨ ᠰᠠᠷ᠎ᠠ ᠰᠢᠨ᠎ᠠ ᠡᠭᠢᠯᠡᠭᠦ ᠪᠠᠷ᠂ ᠪᠦᠭᠡᠴᠤᠳ ᠤᠨ ᠰᠤᠷᠢᠶ᠎ᠠ ᠪᠤᠯᠪᠠᠰᠤᠷᠠᠯ ᠤᠨ ᠬᠠᠮᠤᠭ ᠠᠩᠬᠠᠨ ᠤ ᠰᠢᠯᠭᠠᠭᠤᠷᠢ ᠭᠠᠷᠤᠭ᠎ᠠ ᠭᠦᠯᠦᠨ ᠪᠦᠢᠷ ᠠᠴᠠ ᠯᠠ ᠡᠭᠢᠯᠡᠳᠡᠭ ᠪᠤᠯᠵᠠᠢ᠃ ᠡᠨᠡ ᠵᠢᠯ ᠳᠦᠷᠪᠡᠳᠡᠭᠢ ᠵᠢᠯ ᠳᠡᠭᠡᠨ ᠵᠤᠭᠢᠶᠠᠨ ᠪᠠᠶᠢᠭᠤᠯᠤᠭᠳᠠᠵᠤ ᠪᠠᠶᠢᠭ᠎ᠠ ᠰᠠᠷ᠎ᠠ ᠰᠢᠨ᠎ᠠ ᠶᠢᠨ ᠪᠠᠷᠢᠯᠳᠤᠭᠠᠨ ᠪᠤᠯᠵᠤᠭ᠎ᠠ ᠶᠤᠰᠤᠭᠠᠷ ᠤᠯᠠᠨ ᠲᠠᠢ ᠪᠠᠨ ᠵᠤᠯᠭᠠᠭᠰᠠᠨ ᠪᠤᠶᠤ ᠰᠢᠯᠢ ᠶᠢᠨ ᠭᠤᠤᠯ᠂ ᠤᠯᠠᠭᠠᠨᠬᠠᠳᠠ᠂ ᠳᠦᠡᠭᠯᠢᠶᠤᠤ ᠵᠡᠷᠭᠡ ᠠᠶᠢᠮᠠᠭ ᠬᠤᠳᠠ ᠪᠠ ᠮᠤᠩᠭᠤᠯ ᠤᠯᠤᠰ ᠤᠨ ᠭᠦᠴᠦᠳᠠᠳ ᠵᠤᠳᠤᠭᠯᠠᠨ ᠳᠠᠮᠢᠷ ᠳᠡᠩᠭᠡᠭᠡ᠂ ᠰᠤᠷᠢᠶ᠎ᠠ ᠪᠤᠯᠪᠠᠰᠤᠷᠠᠯ ᠢᠶᠠᠨ ᠰᠢᠯᠭᠠᠭᠰᠠᠨ ᠪᠠᠶᠢᠨ᠎ᠠ᠃

ᠳᠦᠷᠪᠡᠨ ᠬᠤᠪᠢᠶᠠᠷᠢ ᠳᠠᠯᠠᠪᠠᠢ ᠶᠢᠨ ᠪᠠᠷᠢᠯᠳᠤᠭᠠᠨ ᠤ ᠪᠠᠶᠢᠳᠠᠯ ᠠᠴᠠ ᠠᠵᠢᠬᠤ ᠳᠤ᠂ ᠳᠦᠷᠦᠭᠦᠦ ᠭᠡᠳᠦᠨ ᠵᠢᠯ ᠤᠨ ᠪᠠᠶᠠᠷᠪᠠᠭᠠᠳᠤᠷ᠂ ᠴᠠᠭᠠᠨᠵᠠᠭᠠᠨ᠂ ᠴᠢᠨᠳᠠᠮᠤᠨᠢ ᠵᠡᠷᠭᠡ ᠪᠦᠭᠡᠴᠦᠳ 《ᠭᠠᠭᠴᠠᠭᠠᠷ ᠡᠵᠡᠮᠰᠢᠨ》᠂ ᠬᠤᠶᠠᠷ ᠭᠤᠷᠪᠠᠨ ᠨᠠᠶᠢᠷ ᠲᠤ ᠳᠠᠷᠢᠭᠦᠯᠡᠳᠡᠭ ᠪᠠᠶᠢᠭᠰᠠᠨ ᠪᠠᠶᠢᠳᠠᠯ ᠢ ᠪᠤᠳᠤᠪᠠᠯ᠂ ᠡᠨᠡ ᠵᠢᠯ ᠳᠦᠷᠪᠡᠨ ᠳᠠᠯᠠᠪᠠᠢ ᠪᠠᠷᠢᠯᠳᠤᠭᠠᠨ ᠳᠤ᠂ ᠵᠠᠭᠦᠨ ᠪᠠᠭᠠᠷᠢᠨ ᠤ ᠠᠯᠳᠠᠨᠰᠦ᠋ᠭᠡ᠂ ᠠᠪᠠᠭ᠎ᠠ ᠶᠢᠨ ᠴᠠᠭᠠᠨᠵᠠᠭᠠᠨ᠂ ᠡᠸᠡᠩᠭᠢ ᠬᠤᠰᠢᠭᠤᠨ ᠤ ᠴᠢᠨᠳᠠᠮᠤᠨᠢ᠂ ᠰᠢᠨ᠎ᠠ ᠪᠠᠷᠭᠤ ᠪᠠᠷᠠᠭᠤᠨ ᠬᠤᠰᠢᠭᠤᠨ ᠤ ᠰᠡᠩᠭᠡᠭᠠᠷᠪᠤ ᠵᠡᠷᠭᠡ ᠪᠦᠭᠡᠴᠤᠳ ᠡᠭᠡᠯᠵᠢᠯᠡᠨ ᠳᠦᠷᠦᠭᠦᠯᠡᠭᠰᠡᠨ ᠨᠢ ᠪᠦᠭᠡᠴᠤᠳ ᠤᠨ ᠨᠡᠶᠢᠳᠠ ᠶᠢᠨ ᠰᠤᠷᠢᠶ᠎ᠠ ᠴᠢᠩᠭ᠎ᠠ ᠪᠠᠶᠢᠵᠤ᠂ ᠡᠯ᠎ᠠ ᠭᠠᠵᠠᠷ ᠤᠨ ᠪᠦᠭᠡᠴᠤᠳ ᠴᠦᠮ ᠮᠡᠳᠡᠭᠳᠡᠮ᠎ᠠ ᠰᠠᠶᠢᠨ ᠪᠠᠶᠢᠬᠤ ᠨᠢ ᠬᠠᠷᠠᠭᠳᠠᠵᠤ ᠪᠠᠶᠢᠨ᠎ᠠ᠃

1271607a-0e96-41a6-b6ee-89449806c910.png

ᠳᠤᠷᠠᠳᠤᠭᠤᠰᠢᠳᠠᠢ ᠨᠢ᠂ ᠡᠨᠡ ᠵᠢᠯ ᠤᠨ ᠪᠠᠷᠢᠯᠳᠤᠭᠠᠨ ᠢᠶᠠᠷ᠂ ᠵᠠᠯᠠᠭᠤ ᠪᠦᠭᠡᠴᠤᠳ ᠭᠠᠷᠮᠠᠭᠠᠢ ᠰᠠᠶᠢᠨ ᠪᠠᠷᠢᠯᠳᠤᠵᠤ᠂ ᠤᠯᠠᠨ ᠢ ᠱᠠᠭᠰᠢᠷᠠᠭᠤᠯᠤᠭᠰᠠᠨ ᠪᠠᠶᠢᠳᠠᠭ᠃ ᠡᠭᠦᠨ ᠳᠤ᠂ ᠰᠢᠨ᠎ᠠ ᠪᠠᠷᠭᠤ ᠵᠠᠭᠦᠨ ᠬᠤᠰᠢᠭᠤᠨ ᠤ ᠳᠦᠷᠦᠰᠠᠴᠤᠷᠠᠯ᠂ ᠰᠢᠨ᠎ᠠ ᠪᠠᠷᠭᠤ ᠵᠡᠭᠦᠨ ᠬᠤᠰᠢᠭᠤᠨ ᠤ ᠪᠠᠭ᠎ᠠ ᠢᠳᠠᠷ᠂ ᠰᠢᠨ᠎ᠠ ᠪᠠᠷᠭᠤ ᠪᠠᠷᠠᠭᠤᠨ ᠬᠤᠰᠢᠭᠤᠨ ᠤ ᠰᠤᠳᠤᠪᠢᠯᠢᠢᠡ᠂ ᠠᠷᠤ ᠬᠤᠷᠴᠢᠨ ᠤ ᠪᠠᠶᠠᠰᠬᠤᠯᠠᠩ᠂ ᠰᠢᠯᠢᠩᠬᠤᠳᠠ ᠶᠢᠨ ᠨᠠᠩᠵᠢᠳ᠂ ᠰᠢᠯᠤᠭᠤᠨ ᠬᠦᠭᠡ ᠬᠤᠰᠢᠭᠤᠨ ᠤ ᠦᠨᠳᠦᠰᠦ ᠵᠡᠷᠭᠡ ᠶᠢᠨ ᠪᠦᠭᠡᠴᠤᠳ ᠤᠳᠤᠯᠠᠨ ᠪᠠᠷᠢᠯᠳᠤᠵᠤ᠂ ᠪᠦᠭᠡ ᠰᠠᠶᠢᠳᠠᠢ ᠨᠤᠳᠤᠭ ᠤᠨ ᠰᠢᠯᠢᠳᠡᠭ ᠭᠦᠴᠦᠳᠠᠨ ᠤ ᠪᠤᠤᠭᠢᠶ᠎ᠠ ᠳᠠᠰᠤᠷᠠᠭ᠎ᠠ ᠦᠭᠡᠢ ᠳᠠᠮᠵᠢᠬᠳᠠᠵᠤ ᠪᠠᠶᠢᠭ᠎ᠠ ᠶᠢ ᠬᠠᠷᠠᠭᠤᠯᠤᠭᠰᠠᠨ ᠪᠠᠶᠢᠨ᠎ᠠ᠃ ( ᠭᠦᠨᠪᠢᠯᠢᠭ )

ebe2a335-5522-4ae4-8889-f5ea31860497.png

addc54ea-b81f-4c20-875d-85884c17be4b.png


ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ