1.jpg

ᠬᠦᠯᠦᠨ ᠪᠤᠶᠢᠷ ᠤᠨ ᠶᠠᠭᠰᠢ ᠬᠤᠲᠠ ᠳᠤ ᠪᠣᠯᠣᠭᠰᠠᠨ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠬᠤᠶᠠᠳᠣᠭᠠᠷ ᠬᠤᠭᠤᠴᠠᠭᠠᠨ ᠤ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠠᠭᠤᠯᠠ ᠶᠢᠨ ᠴᠠᠨ᠎ᠠ ᠶᠢᠨ ᠲᠦᠷᠦᠯ ᠤᠨ ᠳᠦᠷᠪᠡᠨ ᠤᠷᠣᠯᠳᠣᠭᠠᠨ ᠤ ᠳ᠋ᠦᠩ 2 ᠳ᠋ᠤᠭᠠᠷ ᠰᠠᠷ᠎ᠠ ᠶᠢᠨ 18 ᠤ ᠡᠳᠦᠷ᠂ ᠲᠣᠳᠣᠷᠠᠯ᠎ᠠ᠃ ᠲᠣᠬᠠᠶᠢᠯᠠᠪᠠᠯ᠄

ᠡᠷᠡᠭᠳᠡᠢ ᠶᠢᠨ 7.5 km + 7.5 km ᠬᠤᠣᠰ ᠲᠦᠷᠦᠯ ᠤᠨ ᠳᠠᠭᠤᠯᠴᠠᠬᠤ ᠤᠷᠣᠯᠳᠣᠭᠠᠨ ᠳᠤ ᠬᠠᠶᠢᠯᠠᠷ ᠲᠣᠭᠤᠷᠢᠭ ᠤᠨ ᠸᠠᠩ ᠨᠠᠨ ᠲᠡᠷᠢᠭᠦᠯᠡᠵᠦ᠂ ᠬᠠᠶᠢᠯᠠᠷ ᠲᠣᠭᠤᠷᠢᠭ ᠤᠨ ᠰᠦᠩ ᠮᠣᠤ ᠶᠣᠸᠠᠨ ᠲᠡᠳ᠋ᠯᠡᠵᠣ᠂ ᠬᠠᠶᠢᠯᠠᠷ ᠲᠣᠭᠤᠷᠢᠭ ᠤᠨ ᠯᠦ ᠵᠣᠣ ᠳ᠋ᠦᠩ ᠭᠤᠳᠠᠭᠠᠷᠯᠠᠵᠠᠢ᠃

ᠡᠷᠡᠭᠳᠡᠢ ᠶᠢᠨ 5 km + 5 km ᠬᠤᠣᠰ ᠲᠦᠷᠦᠯ ᠤᠨ ᠳᠠᠭᠤᠯᠴᠠᠬᠤ ᠣᠷᠣᠯᠳᠣᠭᠠᠨ ᠳᠤ ᠡᠷᠢᠶᠡᠨ ᠬᠤᠲᠠ ᠶᠢᠨ ᠯᠢᠦ ᠾᠦᠢ ᠢᠦᠢ ᠲᠡᠷᠢᠭᠦᠯᠡᠵᠦ᠂ ᠭᠡᠭᠡᠨ ᠭᠤᠣᠯ ᠬᠤᠲᠠ ᠶᠢᠨ ᠯᠢ ᠵᠢᠶᠠ ᠰᠢᠦᠢ ᠲᠡᠳ᠋ᠯᠡᠵᠣ᠂ ᠬᠠᠶᠢᠯᠠᠷ ᠲᠣᠭᠤᠷᠢᠭ ᠤᠨ ᠭᠦᠸᠧ ᠰᠢᠨ ᠭᠤᠷᠪᠠᠳᠤᠭᠠᠷ ᠲᠤ ᠲᠣᠳᠤᠷᠠᠯ᠎ᠠ᠃

ᠡᠷᠡᠭᠳᠡᠢ ᠶᠢᠨ ᠠᠭᠤᠯᠠ ᠶᠢᠨ ᠴᠠᠨ᠎ᠠ ᠰᠣᠨᠢᠷᠬᠠᠭᠴᠢᠳ ᠤᠨ ᠲᠦᠷᠦᠯ ᠳᠤ ᠣᠷᠳᠣᠰ ᠬᠤᠲᠠ ᠶᠢᠨ ᠲᠡᠮᠦᠷ ᠲᠡᠷᠢᠭᠦᠯᠡᠵᠦ᠂ ᠵᠠᠯᠠᠨ ᠠᠶᠢᠯ ᠬᠤᠲᠠ ᠶᠢᠨ ᠰᠦᠨ ᠬᠤᠤ ᠲᠡᠳ᠋ᠯᠡᠵᠣ᠂ ᠬᠠᠶᠢᠯᠠᠷ ᠲᠣᠭᠤᠷᠢᠭ ᠤᠨ ᠸᠠᠩ ᠰᠢᠶᠣᠣ ᠢ ᠭᠤᠷᠪᠠᠳᠤᠭᠠᠷ ᠪᠠᠶᠢᠷᠢᠨ ᠳᠤ ᠲᠣᠳᠤᠷᠠᠵᠠᠢ᠃ ᠡᠮᠡᠭᠳᠡᠢ ᠶᠢᠨ ᠠᠭᠤᠯᠠ ᠶᠢᠨ ᠴᠠᠨ᠎ᠠ ᠰᠣᠨᠢᠷᠬᠠᠭᠴᠢᠳ ᠤᠨ ᠲᠦᠷᠦᠯ ᠳᠤ ᠬᠦᠬᠡᠬᠤᠳᠠ ᠶᠢᠨ ᠨᠠᠷᠠᠰᠣ ᠲᠡᠷᠢᠭᠦᠯᠡᠭᠰᠡᠨ ᠪᠠᠶᠢᠨ᠎ᠠ᠃(ᠨᠡᠶᠢᠳᠡ ᠭᠤᠷᠪᠠᠨ ᠲᠠᠮᠢᠷᠴᠢᠨ ᠣᠷᠣᠯᠴᠠᠭᠰᠠᠨ ᠠᠴᠠ ᠵᠦᠪᠬᠡᠨ ᠲᠦᠷᠦᠭᠦᠯᠡᠭᠰᠡᠨ ᠲᠠᠮᠢᠷᠴᠢᠨ ᠢ ᠱᠠᠩᠨᠠᠵᠠᠢ)᠃

14.jpg

ᠢᠷᠡᠯᠳᠡ : 

 ᠲᠠᠯ᠎ᠠ ᠶᠢᠨ ᠲᠠᠭᠤᠨ ᠬᠤᠭᠤᠯᠠᠢ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ