ᠲᠠᠷᠤᠯᠳᠠ ᠨᠢ ᠵᠤᠬᠢᠬᠤ ᠨᠦᠯᠤᠭᠡ ᠦᠵᠡᠬᠦᠯᠳᠡᠭ᠃ ᠠᠮᠧᠷᠢᠺᠠ ᠶᠢᠨ ᠪᠠᠷᠠᠭᠤᠨ ᠬᠤᠶᠢᠳᠤ  ᠶᠢᠨ ᠶᠡᠭᠡ ᠰᠤᠷᠭᠠᠭᠤᠯᠢ‌ ᠵᠢᠨ ᠹᠢᠸᠧᠨᠪᠧᠺ ᠡᠮᠨᠡᠯᠭᠡ ᠶᠢᠨ ᠰᠤᠷᠭᠠᠭᠤᠯᠢ ᠶᠢᠨ ᠲᠡᠳ᠋ ᠫᠷᠤᠹᠧᠰᠰᠤᠷ ᠯᠤᠪᠧᠷ ᠤᠨ ᠦᠵᠡᠬᠦ ᠪᠠᠷ᠂ ᠲᠠᠷᠤᠯᠳᠠ ᠨᠢ ᠦᠰᠤ  ᠵᠢ‌‍ ᠰᠢᠭᠤᠳ ᠪᠤᠭᠤᠷᠤᠯ ᠪᠤᠯᠭᠠᠬᠤ ᠦᠭᠡᠢ ᠪᠤᠯᠪᠠᠴᠤ ᠲᠡᠷᠡ ᠨᠢ ᠮᠠᠰᠢ ᠤᠯᠠᠨ ᠠᠷᠠᠰᠤᠨ ᠤ ᠡᠪᠡᠳᠴᠢᠨ ᠪᠠ ᠦᠰᠤᠨ ᠤ ᠠᠰᠠᠭᠤᠳᠠᠯ‌‍ᠲ᠋ᠠᠢ ᠬᠤᠯᠪᠤᠭ᠎ᠠ ᠲᠠᠢ ᠶᠤᠮ᠃ ᠲᠠᠷᠤᠯᠳᠠ ᠶᠡᠭᠡ ᠬᠡᠷᠡᠭ ᠶᠠᠪᠤᠳᠠᠯ(ᠵᠢᠱᠢᠶᠡᠯᠡᠪᠡᠯ ᠬᠢᠮᠢ ᠶᠢᠨ ᠡᠮᠴᠢᠯᠡᠭᠡ) ᠠᠴᠠ  ᠪᠤᠯᠵᠤ  ᠦᠰᠤ‌ᠤᠨᠠᠭᠰᠠᠨ ᠤ ᠲᠠᠷᠠᠭ᠎ᠠ᠂ ᠰᠢᠨ᠎ᠠ ᠪᠠᠷ ᠤᠷᠭᠤᠵᠤ ᠭᠠᠷᠤᠭᠰᠠᠨ ᠦᠰᠤ ᠨᠢ ᠤᠤᠯ ᠤᠨ ᠬᠢ ᠲᠠᠢ ᠪᠠᠨ  ᠠᠳᠠᠯᠢ  ᠪᠤᠰᠤ  ᠦᠩᠭᠡ‌‍ᠲ᠋ᠠᠢ ᠪᠤᠯᠵᠤ ᠮᠡᠳᠡᠨ᠎ᠠ᠃

ᠠᠮᠢᠳᠤᠷᠠᠯ ᠤᠨ ᠠᠷᠭ᠎ᠠ ᠮᠠᠶ᠋ᠢᠭ ᠨᠢ ᠶᠡᠭᠡ ᠨᠦᠯᠤᠭᠡ ᠦᠵᠡᠬᠦᠯᠳᠡᠭ᠃ ᠲᠡᠮᠡᠬᠢ ᠲᠠᠳᠠᠬᠤ ᠨᠢ ᠠᠷᠠᠰᠤ ᠪᠠ ᠦᠰᠤᠨ ᠳ᠋ᠥ‌‍ᠲ᠋ᠠᠷᠤᠯᠳᠠ ᠦᠵᠡᠬᠦᠯᠳᠡᠭ᠃ ᠪᠡᠶ᠎ᠡ ᠳᠠᠬᠢ ᠸᠢᠲ᠋ᠠᠮᠢᠨ B12 ᠤᠨ ᠠᠭᠤᠯᠤᠭᠳᠠᠭᠴᠠ ᠲᠤᠤᠷ᠎ᠠ ᠪᠠᠶᠢᠭ᠎ᠠ ᠨᠢ ᠦᠰᠤᠨ ᠤ ᠦᠩᠭᠡᠨ‌‍ᠤ ᠡᠳ᠋ ᠤᠨ ᠠᠯᠳᠠᠭᠳᠠᠯ ᠲᠠᠢ ᠮᠠᠰᠢ ᠶᠡᠭᠡ ᠬᠠᠷᠢᠴᠠᠭ᠎ᠠ ᠲᠠᠢ᠃ ᠠᠮᠧᠷᠢᠺᠠ ᠶᠢᠨ ᠺᠯᠢᠹᠯᠠᠨᠳ᠋ ᠡᠮᠨᠡᠯᠭᠡ ᠶᠢᠨ ᠭᠠᠵᠠᠷ ᠤᠨ  ᠠᠷᠠᠰᠤᠨ‌‍ᠤᠨ ᠡᠮᠨᠡᠯᠭᠡ ᠶᠢᠨ ᠨᠡᠷ᠎ᠡ ᠬᠥᠨᠳᠤᠳᠤ ᠡᠮᠴᠢ ᠸᠢᠯᠮᠠ ᠰᠠᠨᠠᠭᠤᠯᠤᠭᠰᠠᠨ ᠨᠢ᠂ ᠪᠤᠭᠤᠷᠤᠯ ᠪᠤᠯᠤᠭᠰᠠᠨ ᠨᠠᠰᠤᠳᠠᠨ  ᠰᠢᠷ᠎ᠠ  ᠯᠤᠤᠪᠠᠩ‌‍ ᠪᠤᠯᠤᠨ ᠠᠮᠢᠳᠠᠨ ᠤ ᠡᠯᠢᠭᠡ ᠢᠯᠡᠬᠦᠤ ᠢᠳᠡᠪᠡᠯ ᠵᠤᠬᠢᠨ᠎ᠠ᠃

ᠦᠰᠤ ᠪᠤᠳᠤᠬᠤ ᠨᠢ ᠦᠰᠤᠨ ᠤ ᠶᠠᠰᠤ ᠴᠢᠨᠠᠷ ᠪᠠ ᠪᠦᠳᠤᠴᠠ ᠶᠢ ᠬᠤᠪᠢᠷᠠᠭᠤᠯᠬᠤ ᠦᠭᠡᠢ᠃ ᠦᠰᠤᠨ  ᠤ  ᠭᠤᠤᠯ‌ᠡᠰ ᠨᠢ ᠦᠰᠤ ᠶᠢ ᠵᠤᠬᠢᠶᠠᠵᠤ᠂ ᠦᠩᠭᠡᠨ ᠤ ᠡᠳ᠋ ᠢ ᠪᠤᠢ ᠪᠤᠯᠭᠠᠬᠤ ᠭᠤᠤᠯ ᠡᠰ ᠨᠢ ᠦᠩᠭᠡᠨ ᠤ ᠡᠰ ᠢ  ᠵᠤᠬᠢᠶᠠᠨ᠎ᠠ᠂  ᠡᠨᠡ‌‍ ᠪᠤᠯ ᠬᠤᠶᠠᠷ ᠵᠦᠢᠯ ᠤᠨ ᠠᠳᠠᠯᠢ ᠪᠤᠰᠤ ᠪᠢᠽᠢᠤᠯᠤᠬᠢ ᠶᠢᠨ ᠶᠠᠪᠤᠴᠠ ᠪᠤᠯᠤᠨ᠎ᠠ᠃ ᠡᠩ ᠤᠨ ᠪᠠᠶᠢᠳᠠᠯ ᠲᠤᠤᠷ᠎ᠠ᠂ ᠬᠤᠶᠠᠷ  ᠵᠦᠢᠯ‌‍ᠤᠨ ᠭᠤᠤᠯ ᠡᠰ ᠨᠢ ᠬᠠᠮᠳᠤ ᠠᠵᠢᠯᠯᠠᠬᠤ ᠪᠤᠯᠪᠠᠴᠤ ᠡᠨᠡ ᠬᠤᠶᠠᠷ  ᠵᠦᠢᠯ  ᠤᠨ  ᠴᠢᠳᠠᠮᠵᠢ  ᠨᠢ  ᠴᠦᠮ  ᠴᠠᠭ  ᠤᠨ  ᠲᠠᠭᠠᠤ‌‍ ᠲ᠋ᠤᠷᠤᠬᠰᠢᠯᠠᠵᠤ᠂ ᠵᠠᠷᠢᠮ ᠳᠠᠭᠠᠨ ᠲᠡᠩᠳᠡᠬᠦᠤ ᠡᠷᠳᠡ ᠬᠤᠪᠬᠠᠶᠢᠷᠠᠵᠤ  ᠦᠬᠦᠳᠡᠭ᠃ ᠦᠰᠤ  ᠪᠤᠳᠤᠬᠤ  ᠡᠳ᠋  ᠨᠢ  ᠵᠦᠪᠭᠡᠨ‌ᠦᠰᠤᠨ ᠳᠤ ᠦᠩᠭᠡ ᠤᠷᠤᠭᠤᠯᠬᠤ ᠠᠴᠠ ᠪᠢᠰᠢ ᠦᠰᠤᠨ ᠤ ᠶᠠᠰᠤ ᠴᠢᠨᠠᠷ ᠪᠠ ᠪᠦᠳᠤᠴᠠ  ᠶᠢ  ᠬᠤᠪᠢᠷᠠᠭᠤᠯᠳᠠᠭ  ᠦᠭᠡᠢ‌‍ ᠶᠤᠮ᠃

ᠪᠤᠭᠤᠷᠤᠯ ᠪᠤᠯᠬᠤ ᠦᠭᠡᠢ ᠪᠠᠶᠢᠳᠠᠭ ᠨᠢ ᠤᠷᠭᠤᠵᠤ ᠭᠠᠷᠬᠤ ᠳᠠᠭᠠᠨ ᠡᠶᠢᠮᠤ ᠪᠠᠶᠢᠳᠠᠭ ᠠᠴᠠ ᠪᠤᠯᠵᠠᠢ᠃ ᠨᠢᠭᠡ  ᠦᠰᠤ‌ᠨᠢ ᠤᠷᠭᠤᠭᠠᠳ 1-3 ᠵᠢᠯ ᠪᠤᠯᠤᠭᠰᠠᠨ ᠤ ᠲᠠᠷᠠᠭ᠎ᠠ ᠤᠨᠠᠵᠤ᠂ ᠲᠠᠬᠢᠭᠠᠳ ᠰᠢᠨ᠎ᠠ ᠦᠰᠤ ᠤᠷᠭᠤᠵᠤ ᠭᠠᠷᠤᠳᠠᠭ᠃ ᠨᠠᠰᠤ ᠵᠢᠯ‌‍ᠤᠨ ᠨᠡᠮᠡᠭᠳᠡᠬᠦ ᠶᠢ ᠲᠠᠭᠠᠯᠳᠤᠨ᠂ ᠤᠷᠭᠤᠵᠤ ᠭᠠᠷᠤᠭᠰᠠᠨ ᠰᠢᠨ᠎ᠠ ᠦᠰᠤ ᠨᠢ ᠰᠠᠭᠠᠷᠠᠯ ᠦᠩᠭᠡ ᠲᠠᠢ ᠪᠠᠶᠢᠵᠤ ᠮᠡᠳᠡᠨ᠎ᠠ᠃ ᠦᠰᠤ‌ᠤᠷᠭᠤᠵᠤ ᠭᠠᠷᠴᠤ ᠢᠷᠡᠬᠦ ᠳᠡᠭᠡᠨ ᠵᠠᠪᠠᠯ ᠰᠢᠨ᠎ᠠ ᠦᠩᠭᠡᠨ ᠤ ᠡᠳ᠋ ᠤᠨ ᠡᠰ ᠢ ᠪᠤᠢ ᠪᠤᠯᠭᠠᠳᠠᠭ᠂ ᠭᠡᠬᠦ ᠳᠤ ᠲᠡᠷᠡ ᠨᠢ ᠡᠯᠡᠭᠳᠡᠬᠦ‍‌ᠡᠴᠠ ᠪᠤᠯᠵᠤ ᠪᠤᠭᠤᠷᠤᠯ ᠪᠤᠯᠳᠠᠭ᠃ 

ᠪᠤᠭᠤᠷᠤᠯ ᠦᠰᠤ ᠨᠢ ᠪᠤᠰᠤᠳ ᠦᠩᠭᠡ ᠶᠢᠨ ᠦᠰᠤ ᠠᠴᠠ ᠠᠷᠵᠠᠭᠠᠷ ᠪᠢᠰᠢ ᠪᠠᠶᠢᠳᠠᠭ᠃ ᠪᠤᠭᠤᠷᠤᠯ ᠦᠰᠤ  ᠨᠢ‌ᠦᠨᠡᠨ ᠳᠡᠭᠡᠨ ᠪᠤᠰᠤᠳ ᠦᠩᠭᠡ ᠶᠢᠨ ᠦᠰᠤ ᠠᠴᠠ ᠨᠡᠩ ᠨᠠᠷᠢᠨ ᠪᠦᠭᠡᠳ ᠨᠠᠷᠢᠯᠢᠭ ᠪᠠᠶᠢᠳᠠᠭ᠂ ᠬᠡᠪᠡᠴᠤ ᠲᠡᠮᠳᠡᠷᠢᠵᠤ ᠦᠵᠡᠪᠡᠯ‌ᠨᠡᠩ ᠬᠠᠭᠤᠷᠠᠢ ᠰᠢᠭ᠋ ᠪᠠᠶᠢᠳᠠᠭ᠂ ᠤᠴᠢᠷ ᠨᠢ ᠨᠠᠰᠤ ᠵᠢᠯ ᠤᠨ ᠨᠡᠮᠡᠭᠳᠡᠬᠦ ᠶᠢ ᠲᠠᠭᠠᠯᠳᠤᠨ᠂  ᠦᠰᠤᠨ  ᠤ  ᠲᠤᠰᠤ  ᠨᠢ  ᠨᠡᠩ‌‍ ᠴᠦ᠋ᠭᠡᠨ ᠪᠤᠯᠳᠠᠭ᠃ ᠪᠤᠭᠤᠷᠤᠯ ᠦᠰᠤ ᠠᠷᠵᠠᠭᠠᠷ  ᠰᠢᠭ᠋  ᠪᠠᠶᠢᠳᠠᠭ  ᠤᠨ  ᠪᠠᠰᠠ  ᠨᠢᠭᠡ  ᠰᠢᠯᠳᠠᠭᠠᠨ  ᠬᠡᠪᠡᠯ᠄  ᠦᠰᠤ  ᠵᠢ‌‍ᠲ᠋ᠠᠰᠤᠷᠠᠯᠳᠠ ᠦᠭᠡᠢ ᠦᠭᠳᠡᠭᠡᠬᠦ ᠨᠢ ᠦᠰᠤᠨ ᠤ ᠤᠭᠤᠳᠠ ᠶᠢ ᠮᠤᠰᠬᠢᠷᠠᠭᠤᠯᠳᠠᠭ ᠤᠨ ᠤᠯᠠᠮ ᠠᠴᠠ  ᠰᠢᠨ᠎ᠠ  ᠪᠠᠷ ᠤᠷᠭᠤᠵᠤ‌ ᠭᠠᠷᠤᠭᠰᠠᠨ ᠦᠰᠤ ᠶᠢ ᠪᠤᠷᠵᠠᠶᠢᠯᠭᠠᠵᠤ ᠠᠳᠤᠷᠢᠭᠤᠯᠳᠠᠭ᠃

ᠪᠤᠭᠤᠷᠤᠯ ᠦᠰᠤ ᠶᠢ ᠪᠤᠳᠤᠬᠤ ᠳᠤ ᠠᠮᠠᠷ ᠦᠭᠡᠢ᠃ ᠲᠠ ᠬᠡᠷᠪᠡ ᠦᠰᠤ ᠪᠤᠳᠤᠬᠤ ᠳᠤ ᠬᠥᠷᠪᠡᠯ᠂ ᠪᠤᠭᠤᠷᠤᠯ ᠦᠰᠤ‌ᠨᠢ ᠠᠮᠠᠷᠬᠠᠨ ᠪᠤᠳᠤᠬᠳᠠᠬᠤ ᠦᠭᠡᠢ ᠪᠠᠶᠢᠬᠤ ᠶᠢ ᠤᠯᠵᠤ ᠮᠡᠳᠡᠬᠦ ᠮᠠᠭᠠᠳ ᠦᠭᠡᠢ᠂ ᠤᠴᠢᠷ ᠨᠢ ᠪᠤᠭᠤᠷᠤᠯ ᠦᠰᠤ  ᠨᠢ ᠦᠰᠤ‌‍ ᠪᠤᠳᠤᠬᠤ ᠡᠳ᠋ ᠲᠤ ᠡᠰᠡᠷᠬᠦᠴᠡᠬᠦ ᠦᠢᠯᠡᠳᠤᠯ ᠭᠠᠷᠭᠠᠳᠠᠭ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ