ᠮᠡᠨ ᠤ ᠮᠤᠩᠭᠤᠯᠴᠤᠳ ᠤᠨ ᠤᠯᠠᠮᠵᠢᠯᠡᠯᠳᠤ ᠠᠨᠠᠭᠠᠬᠤ ᠤᠬᠠᠭᠠ ᠳᠤ ᠬᠡᠢ ᠶᠡᠳᠡᠷᠡᠭ᠎ᠠ᠂ ᠠᠯᠵᠢᠶᠡᠯ ᠲᠠᠢᠢᠯᠬᠤ᠂ ᠲᠠᠷᠬᠠᠯᠠᠭ᠎ᠠ ᠰᠠᠷᠬᠦᠬᠡᠬᠦ ᠵᠤᠷᠢᠯᠭ᠎ᠠ ᠪᠡᠷ ᠮᠡᠯ ᠤᠨ ᠶᠡᠰᠤᠨ ᠤ ᠱᠦᠯᠤ ᠵᠢ ᠤᠯᠡᠨ ᠶᠠᠩᠵᠤ ᠪᠡᠷ ᠪᠤᠯᠪᠡᠰᠤᠷᠡᠭᠤᠯᠤᠨ ᠬᠡᠷᠡᠭᠯᠡᠵᠤ ᠵᠠᠩᠰᠢᠭᠰᠠᠨ ᠪᠠᠢᠢᠳᠠᠭ᠃ ᠲᠡᠭᠡᠪᠡᠯ ᠡᠨᠡᠬᠦ ᠠᠷᠭ᠎ᠠ ᠤᠬᠠᠭᠠ ᠨᠢ ᠦᠨᠤ ᠴᠠᠭ ᠪᠤᠯᠬᠤ ᠳᠤ ᠪᠤᠯᠪᠡᠰᠤᠷᠩᠭᠤᠢ ᠬᠦᠭᠵᠢᠵᠤ ᠡᠳᠤᠷ ᠲᠤᠳᠤᠮ ᠤᠨ ᠠᠮᠢᠳᠤᠷᠡᠯ ᠳᠤ ᠬᠡᠷᠡᠭᠯᠡᠭᠳᠡᠭᠰᠡᠭᠡᠷ ᠪᠠᠢᠢᠨ᠎ᠠ᠃

 ᠡᠨᠡ ᠤᠳᠡᠭ᠎ᠠ ᠳᠤ ᠬᠤᠨᠢᠨ ᠤ ᠴᠢᠮᠤᠬᠡᠨ ᠤ ᠶᠡᠰᠤᠨ ᠤ ᠱᠦᠯᠤ ᠵᠢ ᠭᠠᠷᠭᠠᠵᠤ ᠠᠪᠦᠭᠠᠳ ᠬᠦᠯᠳᠡᠭᠡᠭᠰᠡᠡ ᠪᠠᠢᠢᠳᠡᠯ ᠶᠢᠡᠷ ᠡᠳᠤᠷ ᠲᠤᠳᠤᠮ ᠤᠨ ᠠᠮᠢᠳᠤᠷᠡᠯ ᠳᠠᠭᠠ ᠬᠡᠷᠬᠢᠨ ᠤᠯᠡᠨ ᠠᠴᠢ ᠲᠤᠰᠡ ᠵᠢ ᠬᠡᠯᠡᠭᠡᠳ ᠪᠡᠷᠡᠰᠢ ᠦᠬᠡᠢ ᠪᠦᠬᠡᠳ ᠮᠤᠩᠭᠤᠯ ᠬᠦᠮᠤᠨ ᠤ ᠪᠡᠶ᠎ᠠ ᠮᠠᠬᠠᠪᠤᠳ ᠲᠤ ᠵᠤᠬᠢᠴᠠᠭᠰᠡᠨ ᠺᠡᠯᠼ᠂ ᠡᠷᠤᠳᠡᠰᠤ ᠪᠤᠳᠡᠰ᠂ ᠰᠢᠮ᠎ᠠ ᠲᠡᠵᠢᠬᠡᠯ ᠶᠢᠡᠷ ᠲᠦᠬᠦᠷᠡᠩ ᠪᠠᠢᠢᠳᠠᠭ ᠪᠠᠢᠢᠨ᠎ᠠ᠃ ᠬᠦᠨᠳᠤ ᠮᠡᠰᠡ ᠵᠠᠰᠡᠯ ᠬᠢᠭᠰᠡᠳ᠂ᠶᠡᠳᠡᠷᠡᠵᠤ ᠰᠤᠯᠠᠳᠠᠭᠰᠡᠨ ᠬᠦᠮᠤᠨ ᠳᠤ ᠲᠠᠮᠢᠷ ᠲᠡᠩᠬᠡᠬᠡ ᠤᠷᠤᠭᠤᠯᠬᠤ ᠵᠤᠷᠢᠯᠭ᠎ᠠ ᠪᠡᠷ ᠬᠤᠭᠤᠯᠡ ᠬᠦᠨᠡᠰᠤᠨ ᠳᠤ ᠬᠡᠷᠡᠭᠯᠡᠨ᠎ᠠ᠃ ᠮᠦᠨ ᠡᠳᠤᠷ ᠲᠤᠳᠤᠮ ᠤᠨ ᠬᠤᠭᠤᠯᠡ ᠴᠡᠢ ᠴᠢᠨᠠᠬᠤ ᠳᠠᠭᠠ᠂ ᠭᠤᠯᠢᠷ ᠵᠢᠭᠤᠳᠠᠬᠤ ᠳᠠᠭᠠᠨ᠂ ᠬᠡᠤᠬᠡᠳ ᠤᠨ ᠪᠠᠨᠳᠠᠩ ᠳᠤ᠂ ᠬᠡᠷ ᠲᠡᠬᠡᠨ ᠬᠠᠯᠠᠭᠤᠨ ᠲᠤᠭᠤᠭ᠎ᠠ ᠬᠢᠬᠦ ᠳᠡᠬᠡᠨ᠂ ᠮᠦᠨ ᠨᠢᠷᠡᠢ ᠬᠡᠤᠬᠡᠳ ᠢ ᠤᠰᠤᠨ ᠳᠤ ᠤᠷᠤᠭᠤᠯᠬᠤ ᠳᠠᠭᠠᠨ ᠬᠡᠷᠡᠭᠯᠡᠵᠤ ᠪᠤᠯᠤᠨ᠎ᠠ᠃ ᠨᠢᠷᠡᠢ ᠬᠡᠤᠬᠡᠳ ᠤᠨ ᠪᠡᠨᠳᠠᠩ ᠂ᠨᠤᠬᠤᠰᠢ ᠪᠤᠯᠤᠨ ᠤᠰᠤᠨ ᠳᠤ ᠤᠷᠤᠭᠤᠯᠬᠤ ᠳᠠᠭᠠᠨ ᠬᠡᠷᠡᠭᠯᠡᠪᠡᠰᠤ ᠬᠠᠨᠢᠶᠡᠳᠤ ᠲᠤᠮᠤᠭᠤ᠂ ᠬᠠᠳᠬᠤᠭ᠎ᠠ ᠲᠤᠰᠬᠤ ᠦᠬᠡᠢ᠂ ᠲᠠᠷᠠᠬᠠᠯᠠᠭ᠎ᠠ ᠨᠡᠩ ᠰᠠᠢᠢᠵᠢᠷᠡᠵᠤ ᠡᠯᠳᠡᠪ ᠡᠪᠡᠳᠴᠢᠨ ᠡᠴᠨ ᠬᠤᠯᠠᠬᠠᠨ ᠪᠠᠢᠢᠨ᠎ᠠ᠃

 ᠬᠤᠨᠢᠨ ᠤ ᠴᠢᠮᠤᠭᠡ ᠵᠢ ᠱᠤᠯᠤᠭᠠᠳ ᠲᠠᠰᠢᠵᠤ ᠪᠢᠳᠡᠬᠦᠤ ᠲᠤᠭᠤᠭᠠᠨ ᠳᠤ ᠬᠢᠵᠤ ᠡᠬᠢᠯᠡᠩᠬᠦᠳᠠ ᠭᠠᠯ ᠢ ᠪᠠᠭᠠᠰᠬᠵᠤ ᠬᠠᠮᠤᠭ ᠤᠨ ᠪᠠᠭ᠎ᠠ ᠲᠡᠬᠡᠷ᠎ᠠ ᠨᠢ ᠲᠡᠯᠪᠢᠭᠠᠳ5᠎—10 ᠴᠠᠭ ᠪᠤᠴᠠᠯᠭᠠᠨ᠎ᠠ᠃ ᠢᠩᠬᠢᠬᠡᠳ ᠴᠢᠮᠤᠬᠡᠨ ᠤ ᠶᠡᠰᠤᠨ ᠤ ᠰᠢᠮ᠎ᠠ ᠰᠢᠬᠦᠰᠤ ᠂ ᠡᠷᠤᠳᠡᠰᠤ ᠪᠤᠳᠡᠰ ᠱᠦᠯᠦᠨ ᠳᠤ ᠰᠢᠩᠬᠡᠬᠦ ᠪᠡ ᠶᠡᠰᠤ ᠵᠢ ᠢᠯᠭᠠᠨ ᠠᠪᠴᠤ ᠬᠠᠶᠡᠨ᠎ᠠ᠃ ᠱᠦᠯᠤ ᠵᠢ ᠰᠠᠢᠢᠳᠤᠷ ᠬᠦᠷᠦᠬᠡᠨ᠎ᠠ᠃

 ᠪᠤᠴᠠᠯᠭᠠᠬᠤ ᠶᠡᠪᠦᠴᠠ ᠳᠤ ᠲᠡᠭᠡᠷ᠎ᠠ ᠨᠢ ᠢᠯᠭᠠᠠᠷᠠᠭᠰᠡᠨ ᠲᠤᠰᠤ ᠵᠢ ᠱᠦᠬᠦᠵᠤ ᠢᠯᠭᠠᠵᠤ ᠠᠪᠦᠭᠠᠳ ᠠᠶᠠᠭᠠᠨ ᠳᠤ ᠬᠢᠵᠤ ᠬᠦᠯᠳᠡᠬᠡᠵᠤ ᠪᠠᠭ᠎ᠠ ᠪᠠᠭ᠎ᠠ ᠪᠡᠷ ᠬᠡᠷᠡᠭᠯᠡᠭᠡᠷᠡᠢ᠃

 ᠬᠦᠯᠳᠡᠬᠡᠭᠰᠡᠨ ᠤ ᠲᠠᠷᠠᠭ᠎ᠠ ᠬᠦᠯᠳᠡᠭᠡᠭᠴᠢᠨ ᠳᠤ ᠬᠠᠳᠠᠭᠠᠯᠠᠵᠤ ᠤᠳᠠᠭᠠᠨ ᠬᠤᠭᠤᠴᠠᠭ᠎ᠠ ᠪᠡᠷ ᠬᠡᠷᠡᠭᠯᠡᠵᠤ ᠪᠤᠯᠤᠨ᠎ᠠ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ