ᠠᠮᠧᠷᠢᠺᠠ ᠶᠢᠨ ᠺᠠᠯᠢᠹᠤᠷᠨᠢᠶ᠎ᠠ ᠵᠧᠦ ᠶᠢᠨ ᠶᠡᠬᠡ ᠰᠤᠷᠭᠠᠭᠤᠯᠢ ᠶᠢᠨ ᠨᠢᠭᠡᠨ ᠰᠤᠳᠤᠯᠭᠠᠨ ᠳ᠋ᠦ ᠬᠠᠷᠠᠭᠤᠯᠤᠬᠰᠠᠨ ᠢᠶᠡᠷ᠂ ᠬᠤᠭᠤᠯᠠ ᠢᠳᠡᠬᠦ ᠳ᠋ᠡᠭᠡᠨ ᠦᠷᠬᠦᠯᠵᠢ ᠤᠷᠮ᠎ᠠ ᠮᠠᠭᠤᠲᠠᠢ ᠪᠠᠶᠢᠳᠠᠬ ᠬᠦᠮᠦᠨ ᠨᠡᠡᠭ ᠠᠮᠠᠷᠬᠠᠨ ᠮᠠᠷᠢᠶᠠᠯᠠᠳᠠᠬ᠃ ᠰᠤᠳᠤᠯᠭᠠᠳᠠᠳ 24-61 ᠨᠠᠰᠤᠨ ᠤ 42 ᠬᠤᠤᠰ ᠰᠠᠶᠢᠨ ᠳᠤᠷᠠᠴᠤᠤᠯ ᠢ ᠴᠤᠬᠯᠠᠭᠤᠯᠤᠨ᠂ ᠲᠡᠳᠡᠨ ᠳ᠋ᠦ ᠬᠤᠶᠠᠷ ᠡᠳᠦᠷ ᠤᠨ ᠬᠤᠭᠤᠴᠠᠭ᠎ᠠ ᠲᠠᠢ ᠰᠤᠳᠤᠯᠭᠠᠨ ᠬᠢᠪᠡ᠃ ᠰᠤᠳᠤᠯᠭᠠᠳᠠᠳ ᠰᠠᠶᠢᠨ ᠳᠤᠷᠠᠴᠤᠤᠯ ᠢᠶᠡᠷ ᠬᠤᠭᠤᠯᠠ ᠢᠳᠡᠬᠦ ᠴᠠᠬ ᠲᠦ᠂ ᠵᠤᠭᠤᠰ ᠮᠦᠡᠭᠭᠦ᠂ ᠰᠠᠳᠤᠨ ᠲᠦᠷᠦᠯ ᠤᠨ ᠬᠠᠷᠢᠴᠠᠭ᠎ᠠ ᠵᠡᠷᠭᠡ ᠬᠠᠮᠤᠬ ᠤᠨ ᠠᠮᠠᠷᠬᠠᠨ ᠮᠦᠷᠭᠦᠯᠳᠦᠭᠡᠨ ᠭᠠᠷᠴᠦ ᠮᠡᠳᠡᠬᠦ ᠵᠤᠭᠤᠬ ᠲᠡᠯᠭᠡᠭᠦᠯᠬᠦ ᠶᠢᠨ ᠬᠠᠮᠳᠦ ᠭᠡᠷ ᠲᠤᠨᠢ ᠲᠦᠷᠰᠦ ᠰᠢᠡᠭᠭᠡᠭᠡᠭᠦᠷ ᠲᠠᠯᠪᠢᠪᠠ᠃ ᠬᠤᠭᠤᠯᠠ ᠢᠳᠡᠭᠰᠡᠨ ᠤ ᠳᠠᠷᠠᠭᠠᠬᠢ 7 ᠴᠠᠬ ᠤᠨ ᠳᠤᠲᠤᠷ᠎ᠠ ᠰᠤᠳᠤᠯᠭᠠᠳᠠᠳ 1 ᠴᠠᠬ ᠪᠦᠷᠢ ᠰᠠᠶᠢᠨ ᠳᠤᠷᠠᠴᠤᠤᠯ ᠤᠨ ᠡᠨᠧᠷᠭᠢ ᠶᠢᠨ ᠬᠤᠷᠤᠬᠳᠠᠯ ︵ᠳᠠᠷᠤᠢ ᠰᠢᠳᠠᠭᠠᠬᠰᠠᠨ ᠢᠯᠴᠢ︶ ᠢ ᠬᠡᠮᠵᠢᠨ᠂ ᠤᠳᠠᠭ᠎ᠠ ᠪᠦᠷᠢ 20 ᠮᠢᠨᠦᠢᠲ ᠬᠡᠷᠡᠭᠰᠡᠪᠡ᠃

 ᠡᠭᠦᠨ ᠤ ᠬᠠᠮᠳᠦ᠂ ᠳᠡᠲᠡᠨ ᠤ ᠬᠤᠭᠤᠯᠠᠨ ᠤ ᠳᠠᠷᠠᠭᠠᠬᠢ ᠴᠢᠰᠦᠨ ᠤ ᠰᠢᠬᠢᠷ᠂ ᠨᠤᠶᠢᠷ ᠤᠨ ᠠᠷᠠᠯ ᠤᠨ ᠡᠳ᠋᠂ ᠭᠠᠨ ᠶᠢᠦ ᠰᠠᠨ ᡁᠢ ᠳ᠋ᠦ ᠵᠠᠳᠠᠯᠤᠯᠲᠠ ᠬᠢᠵᠡᠢ᠃ ᠡᠭᠦᠨ ᠳ᠋ᠦ᠂ ᠬᠤᠭᠤᠯᠠᠨ ᠤ ᠳᠠᠷᠠᠭᠠᠬᠢ ᠨᠢᠭᠡᠳᠦᠭᠡᠷ ᠤᠳᠠᠭᠠᠨ ᠤ ᠬᠡᠮᠵᠢᠯᠲᠡ ᠳ᠋ᠦ ᠤᠷᠮ᠎ᠡ ᠮᠠᠭᠤᠲᠠᠢ ᠰᠠᠶᠢᠨ ᠳᠤᠷᠠᠴᠤᠤᠯ 1 ᠴᠠᠬ ᠪᠦᠷᠢ ᠰᠢᠳᠠᠭᠠᠬᠰᠠᠨ ᠢᠯᠴᠢ ᠨᠢ ᠪᠤᠰᠤᠳ ᠬᠦᠮᠦᠨ ᠡᠴᠡ 31 ᠺᠠᠯᠤᠷᠢ ᠳᠤᠲᠠᠭᠤ ᠮᠦᠷᠳᠡᠬᠡᠨ ᠴᠢᠰᠦᠨ ᠳ᠋ᠡᠬᠢ ᠨᠤᠶᠢᠷ ᠤᠨ ᠠᠷᠠᠯ ᠤᠨ ᠡᠳ᠋ ᠤᠨ ᠬᠡᠮᠵᠢᠶ᠎ᠡ ᠨᠢ ᠴᠦ ᠪᠤᠰᠤᠳ ᠰᠠᠶᠢᠨ ᠳᠤᠷᠠᠴᠤᠤᠯ ᠡᠴᠡ 12% ᠢᠶᠡᠷ ᠦᠨᠳᠦᠷ ᠪᠠᠶᠢᠪᠠ᠃ ᠨᠤᠶᠢᠷ ᠤᠨ ᠠᠷᠠᠯ ᠤᠨ ᠡᠳ᠋ ᠨᠢ ᠦᠭᠡᠬᠦ ᠬᠠᠳᠠᠭᠠᠯᠠᠬᠤ ᠳ᠋ᠦ ᠲᠤᠰᠠᠯᠠᠮᠵᠢ ᠪᠤᠯᠳᠠᠬ ᠡᠴᠡ ᠬᠦᠮᠦᠨ ᠢ ᠠᠮᠠᠷᠬᠠᠨ ᠮᠠᠷᠢᠶᠠᠯᠠᠭᠤᠯᠳᠠᠬ᠃ ᠬᠡᠷᠪᠡ ᠡᠳᠦᠷ ᠪᠦᠷᠢ ᠰᠢᠳᠠᠭᠠᠬᠰᠠᠨ ᠢᠯᠴᠢ ᠶᠢᠨ ᠬᠡᠮᠵᠢᠶ᠎ᠡ 100 ᠺᠠᠯᠤᠷᠢ ᠪᠠᠭᠠᠰᠳᠠᠬ ᠪᠤᠯ ᠡᠳᠦᠷ ᠤᠨ ᠤᠳᠠᠭᠠᠨ ᠳ᠋ᠠᠭᠠᠨ ᠬᠤᠷᠠᠮᠳᠤᠬᠰᠠᠭᠠᠷ ᠪᠠᠶᠢᠵᠦ᠂ ᠵᠢᠯ ᠪᠦᠷᠢ 10 ᠵᠢᠡᠭ ᠮᠠᠷᠢᠶᠠᠯᠠᠭᠤᠯᠬᠤ ᠪᠤᠯᠤᠨ᠎ᠠ᠃ ᠡᠶᠢᠮᠦ ᠡᠴᠡ ᠬᠤᠭᠤᠯᠠ ᠤᠮᠳᠠ ᠪᠠᠨ ᠪᠠᠶᠠᠷ ᠪᠠᠶᠠᠰᠬᠤᠯᠠᠡᠭᠲᠠᠢ ᠡᠳ᠋ᠯᠡᠪᠡᠯ ᠡᠷᠡᠭᠦᠯ ᠮᠡᠨᠳᠦ ᠳ᠋ᠦ ᠲᠤᠰᠠᠲᠠᠢ ᠶᠤᠮ᠃

 ᠰᠡᠳᠭᠢᠯ ᠤᠨ ᠳᠠᠷᠤᠭᠠᠰᠦ ᠶᠢ ᠲᠦᠷᠭᠡᠨ ᠬᠦᠡᠭᠭᠡᠷᠡᠭᠦᠯᠬᠦ ᠬᠠᠮᠤᠬ ᠤᠨ ᠳᠦᠭᠦᠮ ︀10 ᠳᠠᠳᠬᠠᠯ

ᠨᠢᠭᠡ᠂ ᠪᠢᠴᠢᠵᠦ ᠲᠠᠯᠪᠢᠨ᠎ᠠ᠃ ᠨᠡᠡᠭ ᠶᠡᠬᠡ ᠤᠳᠬ᠎ᠠ ᠠᠭᠤᠯᠭ᠎ᠠ ᠲᠠᠢ ᠤᠴᠢᠷ ᠶᠠᠪᠤᠳᠠᠯ ᠢ ᠰᠡᠳᠭᠢᠨ᠎ᠡ᠃

ᠬᠤᠶᠠᠷ᠂ ᠨᠢᠭᠡ ᠤᠳᠠᠭ᠎ᠠ ᠳ᠋ᠦ ᠨᠢᠭᠡ ᠶᠠᠪᠤᠳᠠᠯ ᠬᠢᠨ᠎ᠡ᠃ ᠬᠡᠷᠪᠡ ᠲᠠ ᠨᠢᠭᠡ ᠤᠳᠠᠭ᠎ᠠ ᠳ᠋ᠦ ᠨᠢᠭᠡᠯᠡ ᠶᠠᠪᠤᠳᠠᠯ ᠬᠢᠬᠦ ᠳ᠋ᠦ ᠬᠦᠷᠪᠡᠯ ᠨᠡᠡᠭ ᠰᠠᠶᠢᠨ ᠦᠷ᠎ᠡ ᠳ᠋ᠦᠡᠭ ᠤᠯᠵᠦ᠂ ᠰᠡᠳᠭᠢᠯ ᠰᠠᠨᠠᠭ᠎ᠠ ᠴᠢᠨᠢ ᠲᠠᠶᠢᠪᠤᠰᠢᠷᠠᠵᠦ ᠳᠠᠷᠤᠭᠠᠰᠦ ᠴᠦ ᠬᠦᠡᠭᠭᠡᠷᠡᠨ᠎ᠡ᠃

ᠭᠤᠷᠪᠠ᠂ ᠵᠤᠷᠢᠬᠲᠠᠢ ᠪᠡᠷ ᠠᠰᠠᠭᠤᠬᠤ ᠡᠴᠡ ᠪᠢᠰᠢ ᠰᠡᠵᠢᠭᠯᠡᠨ ᠡᠷᠡᠬᠡᠯᠵᠡᠵᠦ ᠪᠤᠯᠬᠤ ᠦᠭᠡᠢ᠃

ᠳᠦᠷᠪᠡ᠂ ᠪᠢᠳᠡᠬᠡᠢ ᠶᠠᠯᠢᠮ ᠦᠭᠡᠢ ᠶᠠᠭᠤᠮ᠎ᠠ ᠶᠢ ᠶᠡᠬᠡ ᠶᠠᠪᠤᠳᠠᠯ ᠪᠤᠯᠭ᠎ᠠ᠃

ᠲᠠᠪᠤ᠂ ᠤᠨᠳᠠᠬᠤ ᠡᠴᠡ ᠪᠡᠨ ᠡᠮᠦᠨ᠎ᠡ ︽ᠠᠶᠠᠨ ᠤ ᠪᠤᠳᠤᠯ︾ ᠢᠶᠡᠨ ᠰᠠᠶᠢᠳᠤᠷ ᠲᠢᠭᠯᠡᠭᠡᠷᠡᠢ᠃ ᠢᠡᠭᠭᠢᠪᠡᠯ ᠲᠠ ᠦᠷᠯᠦᠭᠡ ᠡᠷᠳᠡ ᠳ᠋ᠡᠭᠡᠨ ᠳᠠᠷᠤᠭᠠᠰᠦ ᠦᠭᠡᠢ᠂ ᠪᠠᠰᠠ ᠠᠪᠴᠦ ᠶᠠᠪᠤᠬᠤ ᠵᠦᠢᠯ ᠢᠶᠡᠨ ᠠᠮᠠᠷᠬᠠᠨ ᠮᠠᠷᠳᠠᠬᠤ ᠦᠭᠡᠢ᠃

ᠵᠢᠷᠭᠤᠭ᠎ᠠ᠂ ᠲᠠᠨ ᠤ ᠭᠠᠷᠠᠬ ᠪᠦᠷᠢ ᠡᠳᠦᠷ ᠪᠦᠷᠢ ᠶᠢᠨ ᠬᠢᠬᠦ ᠠᠵᠢᠯ ᠳ᠋ᠠᠭᠠᠨ ᠵᠠᠭᠠᠬ ᠢᠯᠭᠠᠭ᠎ᠠ ᠲᠤᠬᠳᠠᠭᠠᠵᠦ ᠪᠠᠢ᠃ ᠲᠠᠨ ᠤ ᠠᠵᠢᠯ ᠳ᠋ᠠᠭᠠᠨ ᠡᠬᠢᠯᠡᠬᠦ ᠴᠠᠬ ᠪᠤᠯᠤᠨ ᠲᠡᠭᠦᠰᠬᠦ ᠴᠠᠬ ᠭᠡᠵᠦ ᠲᠤᠬᠳᠠᠭᠠᠷᠠᠢ᠃ ᠡᠳᠦᠷ ᠪᠤᠯᠭᠠᠨ ᠢᠯᠡᠭᠦᠦ ᠬᠡᠳᠦ ᠤᠳᠠᠭ᠎ᠠ ᠠᠮᠠᠷᠠᠵᠦ ᠪᠠᠶᠢᠭᠠᠷᠠᠢ︔ ᠭᠠᠷᠠᠬ ᠤᠨ ᠰᠡᠭᠦᠯᠴᠢ ᠶᠢᠨ ᠠᠮᠠᠷᠠᠯᠲᠠ ᠳ᠋ᠦ ᠪᠢᠳᠡᠬᠡᠢ ᠠᠵᠢᠯᠯᠠ᠃

ᠳᠤᠯᠤᠭ᠎ᠠ᠂ ᠠᠯᠢᠪᠠ ᠶᠠᠭᠤᠮ᠎ᠠ ᠪᠠᠨ ᠰᠠᠶᠢᠳᠤᠷ ᠲᠢᠭᠯᠡᠵᠦ ᠲᠠᠯᠪᠢᠬᠳᠤᠨ᠃

ᠨᠠᠢᠮᠠ᠂ 10 ᠮᠢᠨᠦᠢᠲ ᠡᠷᠲᠡᠯᠡᠵᠦ ᠪᠤᠢ᠃

ᠶᠢᠰᠦ᠂ ᠲᠦᠢᠯ ᠤᠨ ᠴᠡᠪᠡᠷ ᠳᠤᠬᠢᠯᠢᠬ ᠠᠵᠢᠯᠯᠠᠬᠤ ᠤᠷᠤᠨ ᠵᠠᠢ ᠡᠭᠦᠳᠦᠨ᠎ᠡ᠃

ᠠᠷᠪᠠ᠂ ᠤᠷᠳᠦ ᠠᠮᠢᠰᠬᠤᠭ᠎ᠠ ᠠᠪᠬᠤ᠃ ᠳᠠᠷᠤᠭᠠᠰᠦ ᠲᠠᠢ ᠰᠠᠨᠠᠬᠳᠠᠬᠤ᠂ ᠡᠰᠡᠭᠦᠯ᠎ᠡ ᠬᠦᠴᠢᠷ ᠪᠡᠷᠬᠡ ᠳ᠋ᠦ ᠤᠷᠢᠶᠠᠬᠳᠠᠵᠦ ᠰᠡᠳᠭᠢᠯ ᠰᠠᠨᠠᠭ᠎ᠠ ᠲᠦᠭᠡᠷᠢᠬᠦ ᠦᠶ ᠡ ᠳ᠋ᠦ 2 ᠮᠢᠨᠦᠢᠲ ᠤᠷᠲᠦ ᠠᠮᠢᠰᠬᠤᠭ᠎ᠠ ᠠᠪᠤᠭᠠᠷᠠᠢ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ