ᠬᠦᠮᠦᠨ︉ ᠤ ᠨᠢᠭᠤᠷ ᠤᠨ ᠠᠷᠠᠰᠦ ᠶᠢ ᠡᠷᠡᠭᠦᠯ ᠮᠡᠨᠳᠦ ᠶᠢᠨ ᠲᠤᠯᠢ ᠭᠡᠵᠦ ᠬᠡᠯᠡᠵᠦ ᠪᠤᠯᠤᠨ᠎ᠠ᠃ ᠲᠠᠨ ᠤ ᠪᠡᠶ᠎ᠡ ᠶᠢᠨ ᠠᠯᠢ ᠬᠡᠰᠡᠭ ᠲᠦ ᠶᠠᠮᠠᠷ ᠡᠷᠬᠡᠲᠡᠨ ᠡᠪᠡᠳᠴᠢᠯᠡᠯ ᠵᠤᠪᠠᠭᠤᠷᠢ ᠲᠠᠢ ᠪᠠᠶᠢᠭ᠎ᠠ ᠶᠢ ᠮᠡᠳᠡᠬᠦ ᠡᠡᠭ ᠤᠨ ᠠᠷᠭ᠎ᠠ ᠪᠤᠢ᠃

 ᠠᠨᠠᠭᠠᠬᠤ ᠤᠬᠠᠭᠠᠨ ᠳ᠋ᠦ ᠨᠢᠭᠤᠷ ᠤᠨ ᠠᠷᠠᠰᠤᠨ ᠤ ᠦᠭᠡᠷᠡᠴᠢᠯᠡᠯᠲᠡ ᠨᠤᠭᠦᠳ ᠨᠢ ᠳᠤᠲᠤᠷ ᠡᠷᠬᠡᠲᠡᠨ ᠤ ᠡᠷᠡᠭᠦᠯ ᠮᠡᠨᠳᠦ ᠲᠠᠢ ᠰᠠᠯᠤᠰᠢ ᠦᠭᠡᠢ ᠬᠤᠯᠪᠤᠭᠠᠲᠠᠢ ᠪᠠᠶᠢᠳᠠᠬ ᠭᠡᠵᠦ ᠦᠵᠡᠳᠡᠭ᠃ ᠨᠢᠭᠤᠷ ᠤᠨ ᠤᠨᠴᠠᠭᠠᠢ ᠬᠡᠰᠡᠭ ᠤᠳ ᠲᠦ ᠬᠡᠳᠦ ᠮᠡᠳᠡᠷᠡᠮᠡᠲᠡᠭᠡᠢ ᠪᠠᠶᠢᠬᠤ᠂ ᠰᠠᠪ ᠯᠡ ᠬᠢᠪᠡᠯ ᠪᠠᠳᠬ᠎ᠠ ᠭᠠᠷᠬᠤ᠂ ᠲᠤᠰᠤᠯᠠᠬᠳᠠᠬᠤ᠂ ᠬᠠᠭᠤᠷᠠᠶᠢᠰᠢᠬᠤ᠂ ᠬᠤᠯᠴᠠᠷᠠᠭᠤᠳᠠᠬᠤ᠂ ᠤᠯᠠᠶᠢᠬᠤ ᠭᠡᠳ ᠰᠢᠨᠵᠢ ᠲᠡᠮᠳᠡᠭ ᠤᠳ ᠢᠯᠡᠷᠡᠳᠡᠭ᠃ ᠬᠡᠷᠪᠡ ᠲᠠᠷᠠᠭᠠᠬᠢ ᠰᠢᠨᠵᠢ ᠲᠡᠮᠳᠡᠭ ᠤᠳ ᠲᠠᠨ ᠤ ᠨᠢᠭᠤᠷ ᠤᠨ ᠠᠷᠠᠰᠤᠨ ᠳ᠋ᠦ ᠢᠯᠡᠷᠡᠵᠦ ᠪᠠᠶᠢᠪᠠᠯ ᠶᠠᠮᠠᠷ ᠰᠢᠯᠳᠠᠭᠠᠨ ᠲᠠᠢ ᠪᠤᠯᠬᠤ ᠶᠢ ᠨᠢ ᠮᠡᠳᠡᠬᠦ ᠪᠤᠯᠤᠮᠵᠢ ᠲᠠᠢ᠃

 ᠳᠤᠬᠤ᠄ ᠳᠠᠪᠤᠰᠠᠡᠭ ᠪᠤᠯᠤᠨ ᠨᠠᠷᠢᠨ ᠭᠡᠳᠡᠰᠦ

 ᠦᠭᠡᠷᠡᠴᠢᠯᠡᠯᠲᠡ᠄ ᠪᠠᠳᠬ᠎ᠠ ᠭᠠᠷᠬᠤ᠂ ᠲᠤᠰᠤᠯᠠᠬᠳᠠᠬᠤ

 ᠰᠢᠯᠳᠠᠭᠠᠨ᠄ ᠬᠡᠳᠦ ᠶᠡᠬᠡ ᠰᠤᠬᠳᠤᠭᠤᠷᠠᠭᠤᠯᠬᠤ ᠤᠮᠳᠠᠭ᠎ᠠ᠂ ᠰᠢᠬᠢᠷ᠂ ᠲᠤᠰᠤ ᠲᠠᠢ ᠬᠤᠭᠤᠯᠠ ᠪᠤᠯᠤᠨ ᠶᠠᠳᠠᠷᠠᠭᠠᠨ ᠡᠴᠡ ᠪᠤᠯᠳᠠᠬ᠃

 ᠬᠦᠮᠦᠰᠭᠡ ᠶᠢᠨ ᠬᠤᠭᠤᠷᠤᠨᠳᠦ᠄ ᠡᠯᠢᠭᠡ

 ᠦᠭᠡᠷᠡᠴᠢᠯᠡᠯᠲᠡ᠄ ᠪᠠᠳᠬ᠎ᠠ ᠭᠠᠷᠬᠤ᠂ ᠲᠤᠰᠤᠯᠠᠬᠳᠠᠬᠤ

 ᠰᠢᠯᠳᠠᠭᠠᠨ᠄ ᠬᠤᠭᠤᠯᠠ ᠬᠦᠨᠡᠰᠦ᠂ ᠲᠡᠵᠢᠭᠡᠯ ᠤᠨ ᠳᠤᠳᠠᠬᠳᠠᠯ᠂ ᠤᠯᠠᠭᠠᠨ ᠮᠢᠬ᠎ᠠ ᠬᠡᠳᠦᠷᠡᠭᠦᠯᠦᠨ ᠬᠡᠷᠡᠭᠯᠡᠬᠦ᠂ ᠬᠠᠷᠰᠢᠯ᠂ ᠬᠤᠳᠤᠭᠤᠳᠤᠨ ᠤ ᠦᠢᠯᠡ ᠠᠵᠢᠯᠯᠠᠭ᠎ᠠ ᠮᠠᠭᠤᠳᠠᠬᠤ

 ᠨᠢᠳᠦ᠂ ᠨᠢᠳᠦᠨ ᠤ ᠳᠤᠭᠤᠤᠷ᠄ ᠪᠦᠭᠡᠷ᠎ᠡ

 ᠦᠭᠡᠷᠡᠴᠢᠯᠡᠯᠲᠡ᠄ ᠠᠷᠠᠰᠦ ᠨᠢ ᠬᠠᠷᠠᠯᠠᠬᠤ᠂ ᠰᠠᠷᠠᠯᠳᠤᠬᠤ᠂ ᠬᠠᠪᠤᠳᠬᠤ

 ᠰᠢᠯᠳᠠᠭᠠᠨ᠄ ᠳᠠᠮᠠᠬᠢ ᠳᠠᠲᠠᠬᠤ᠂ ᠠᠷᠢᠬᠢ ᠤᠤᠭᠤᠬᠤ᠂ ᠴᠢᠰᠦᠨ ᠤ ᠡᠷᠭᠢᠯᠲᠡ᠂ ᠵᠢᠷᠦᠭᠡᠨ ᠤ ᠦᠢᠯᠡ ᠠᠵᠢᠯᠯᠠᠭ᠎ᠠ ᠮᠠᠭᠤᠳᠠᠬᠤ 

 ᠬᠠᠮᠠᠷ᠄ ᠵᠢᠷᠦᠬᠡ

 ᠦᠭᠡᠷᠡᠴᠢᠯᠡᠯᠲᠡ᠄ ᠪᠠᠳᠬ᠎ᠠ᠂ ᠳᠤᠯᠪᠤ᠂ ᠲᠤᠰᠤᠯᠠᠬᠳᠠᠬᠤ

 ᠰᠢᠯᠳᠠᠭᠠ᠄ ᠭᠠᠳᠠᠭ᠎ᠠ ᠤᠳᠠᠭᠠᠨ ᠵᠤᠬᠰᠤᠬᠤ᠂ ᠠᠭᠠᠷ ᠤᠨ ᠪᠤᠬᠢᠷᠳᠤᠯ᠂ ᠭᠡᠳᠡᠰᠦ ᠲᠦᠭᠦᠷᠬᠦ᠂ ᠴᠢᠰᠦᠨ ᠤ ᠳᠠᠷᠤᠯᠲᠠ ᠦᠨᠳᠦᠷᠳᠡᠬᠦ

 ᠬᠠᠴᠠᠷ·ᠰᠢᠨᠠ᠄ ᠠᠭᠤᠰᠬᠢ ᠪᠠ ᠪᠦᠭᠡᠷ᠎ᠡ

 ᠦᠭᠡᠷᠡᠴᠢᠯᠡᠯᠲᠡ᠄ ᠴᠤᠡᠭᠬᠢᠢᠬᠤ᠂ ᠪᠠᠳᠬ᠎ᠠ᠂ ᠳᠤᠯᠪᠤ

 ᠰᠢᠯᠳᠠᠭᠠ᠄ ᠳᠠᠮᠠᠬᠢ ᠳᠠᠲᠠᠬᠤ᠂ ᠬᠡᠳᠦ ᠶᠠᠳᠠᠷᠠᠭ᠎ᠠ᠂ ᠮᠠᠭᠤ ᠬᠤᠭᠤᠯᠠ ᠢᠳᠡᠬᠦ᠂ ᠰᠢᠬᠢᠷ ᠤᠨ ᠬᠡᠳᠦ ᠬᠡᠷᠡᠭᠯᠡᠭᠡ

 ᠤᠷᠤᠭᠤᠯ᠂ ᠡᠷᠡᠤ ᠄ ᠬᠤᠳᠤᠭᠤᠳᠦ᠂ ᠭᠡᠳᠡᠰᠦ

 ᠦᠭᠡᠷᠡᠴᠢᠯᠡᠯᠲᠡ᠄ ᠪᠠᠳᠬ᠎ᠠ᠂ ᠬᠠᠷ᠎ᠠ ᠳᠤᠯᠪᠤ᠂ ᠠᠷᠠᠰᠦ ᠴᠤᠡᠭᠬᠢᠢᠬᠤ

 ᠰᠢᠯᠳᠠᠭᠠᠨ᠄ ᠦᠭᠡᠬᠦ ᠲᠤᠰᠤ ᠲᠠᠢ ᠬᠤᠭᠤᠯᠠ ᠶᠡᠬᠡ ᠢᠳᠡᠬᠦ᠂ ᠺᠤᠹᠧ ᠬᠡᠳᠦᠷᠡᠭᠦᠯᠬᠦ᠂ ᠠᠷᠢᠬᠢ ᠤᠤᠭᠤᠬᠤ᠂ ᠪᠠᠭ᠎ᠠ ᠤᠨᠳᠠᠬᠤ᠂ ᠶᠠᠳᠠᠷᠠᠭ᠎ᠠ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ