ᠴᠡᠭᠡ ᠪᠤᠯ ᠮᠤᠡᠭᠭᠤᠯ ᠦᠨᠳᠦᠰᠦᠲᠡᠨ ᠤ ᠬᠠᠮᠤᠬ ᠤ ᠡᠷᠬᠢᠮ ᠲᠡᠭᠡᠳᠦ ᠤᠮᠳᠠᠭᠠᠨ ᠪᠤᠯᠬᠤ ᠪᠦᠭᠡᠳ ᠭᠡᠭᠦᠦ ᠶᠢᠨ ᠰᠦ ᠶᠢ ᠡᠳ᠋ᠰᠢᠭᠦᠯᠦᠨ ᠪᠤᠯᠪᠠᠰᠤᠷᠠᠭᠤᠯᠵᠦ ᠭᠠᠷᠭᠠᠬᠰᠠᠨ ᠤᠬᠢ ᠤᠮᠳᠠᠭᠠᠨ ᠶᠤᠮ᠃ ᠴᠡᠭᠡ ᠶᠢ ᠵᠠᠷᠢᠮ ᠭᠠᠵᠠᠷ ᠤᠷᠤᠨ ᠳ᠋ᠦ ᠪᠠᠰᠠ ᠠᠶᠢᠷᠠᠬ᠂ ᠢᠰᠦᠭ᠂ ᠬᠤᠮᠢᠰ ᠭᠡᠵᠦ ᠨᠡᠷᠡᠯᠡᠬᠦ ᠪᠤᠶᠤ ᠲᠠᠷᠠᠬ ᠭᠡᠬᠦ ᠴᠦ ᠪᠤᠢ᠃ ᠴᠡᠭᠡ ᠪᠤᠯ ᠭᠡᠮ ᠬᠤᠤᠷ ᠢ ᠠᠷᠢᠯᠭᠠᠵᠦ᠂ ᠮᠠᠬᠠᠪᠤᠳ ᠢ ᠲᠡᠭᠰᠢᠳᠭᠡᠨ᠂ ᠰᠢᠡᠭᠭᠡᠭᠡᠯᠲᠡ ᠶᠢ ᠰᠠᠶᠢᠵᠢᠷᠠᠭᠤᠯᠵᠦ᠂ ᠰᠢᠮ᠎ᠡ ᠲᠡᠵᠢᠭᠡᠯ ᠢᠶᠡᠷ ᠰᠠᠶᠢᠨ᠂ ᠪᠡᠶ᠎ᠡ ᠮᠠᠬᠠᠪᠤᠳ ᠢ ᠴᠢᠬᠢᠷᠠᠬᠵᠢᠭᠤᠯᠵᠦ᠂ ᠡᠪᠡᠳᠴᠢᠨ ᠡᠮᠬᠡᠭ ᠢ ᠤᠷᠢᠳᠴᠢᠯᠠᠨ ᠰᠡᠷᠬᠡᠶᠢᠯᠡᠬᠦ ᠪᠦᠭᠡᠳ ᠬᠦᠮᠦᠨ ᠤ ᠪᠡᠶ᠎ᠡ ᠶᠢᠨ ᠤᠯᠠᠨ ᠡᠳ᠋ ᠡᠷᠬᠡᠲᠡᠨ ᠨᠤᠭᠦᠳ ᠤᠨ ᠡᠪᠡᠳᠴᠢᠨ ᠢ ᠡᠮᠴᠢᠯᠡᠬᠦ ᠳ᠋ᠦ ᠮᠠᠰᠢ ᠰᠠᠶᠢᠨ ᠦᠢᠯᠡᠳᠦᠯ ᠲᠠᠢ ᠪᠠᠶᠢᠳᠠᠬ᠃

 ᠭᠡᠭᠦᠦ ᠶᠢ ᠰᠦ ᠨᠢ ᠪᠦᠷᠢᠨ ᠲᠡᠵᠢᠭᠡᠯᠲᠦ ᠤᠭᠤᠷᠠᠬ ᠪᠤᠯᠬᠤ  ᠴᠠᠭᠠᠨ ᠤᠭᠤᠷᠠᠬ ᠪᠠ ᠪᠦᠮᠪᠦᠭᠡᠨ ᠤᠭᠤᠷᠠᠬ ᠢᠶᠡᠷ ᠪᠦᠷᠢᠯᠳᠦᠵᠦ᠂ ᠤᠭᠤᠷᠠᠬ᠂ ᠰᠦᠨ ᠰᠢᠬᠢᠷ᠂ ᠮᠢᠨᠧᠷᠠᠯ ᠪᠤᠳᠠᠰ ᠵᠡᠷᠭᠡ ᠶᠢ ᠠᠭᠤᠯᠬᠤ ᠲᠠᠯ᠎ᠠ ᠪᠡᠷ ᠬᠦᠮᠦᠨ ᠤ ᠰᠦ ᠲᠠᠢ ᠲᠤᠡᠭ ᠤᠶᠢᠷᠠᠯᠴᠠᠭ᠎ᠠ ᠪᠠᠢᠶᠳᠠᠬ᠃ ᠭᠡᠭᠦᠦ ᠶᠢᠨ ᠰᠦ ᠳ᠋ᠦ ᠪᠠᠰᠠ ᠦᠭᠡᠬᠦ᠂ ᠰᠢᠬᠢᠷ᠂ ᠸᠢᠲ᠋ᠠᠮᠢᠨ C᠂ ᠸᠢᠲ᠋ᠠᠮᠢᠨ A᠂ ᠸᠢᠲ᠋ᠠᠮᠢᠨ E᠂  ᠸᠢᠲ᠋ᠠᠮᠢᠨ B  ᠶᠢᠨ ᠡᠯᠧᠮᠧᠨ᠋ᠲ ᠤᠳ ᠪᠤᠢ᠃ ᠡᠭᠦᠨ ᠡᠴᠡ ᠭᠠᠳᠠᠨ᠎ᠠ ᠪᠠᠰᠠ ᠨᠠᠲᠷᠢ᠂ ᠺᠠᠯᠽ᠂ ᠹᠤᠰᠹᠤᠷ ᠪᠠ ᠪᠤᠰᠤᠳ ᠵᠦᠢᠯ ᠤᠨ ᠡᠷᠦᠳᠡᠰᠦ ᠪᠠᠶᠢᠵᠦ᠂ ᠦᠨᠢᠶᠡᠨ ᠰᠦ ᠡᠴᠡ ᠢᠯᠡᠭᠦᠦ ᠺᠤᠪᠠᠯᠲ ᠪᠠ ᠮᠠᠡᠭᠭᠠᠨ ᠪᠠᠶᠢᠳᠠᠬ᠃ ᠡᠭᠦᠨ ᠳ᠋ᠦ ᠺᠠᠯᠽ ᠤᠨ ᠬᠠᠭᠠᠰ ᠨᠢ ᠤᠭᠤᠷᠠᠬ ᠢ ᠪᠦᠷᠢᠯᠳᠦᠭᠦᠯᠦᠭᠰᠡᠨ ᠬᠡᠯᠪᠡᠷᠢ ᠪᠡᠷ ᠤᠷᠤᠰᠢᠵᠦ᠂ ᠬᠦᠮᠦᠨ ᠤ ᠪᠡᠶ᠎ᠡ ᠳ᠋ᠦ ᠬᠢᠯᠪᠠᠷᠬᠠᠨ ᠰᠢᠡᠭᠭᠡᠳᠡᠭ᠃

 ᠭᠡᠭᠦᠦ ᠶᠢᠨ ᠰᠦ ᠪᠡᠷ ᠴᠡᠭᠡ ᠪᠤᠯᠪᠠᠰᠤᠷᠠᠭᠤᠯᠤᠬᠰᠠᠨ ᠤ ᠳᠠᠷᠠᠭ᠎ᠠ ᠰᠢᠬᠢᠷ ᠤᠨ ᠪᠦᠷᠢᠯᠳᠦᠭᠦᠨ ᠨᠢ ᠶᠡᠬᠡ ᠪᠠᠷ ᠪᠠᠭᠤᠷᠠᠵᠦ᠂ ᠬᠠᠷᠢᠨ ᠰᠦᠨ ᠬᠦᠴᠢᠯ᠂ ᠨᠡᠭᠦᠷᠡᠰᠦᠳᠦᠢᠷᠦᠭᠴᠢ ᠶᠢᠨ ᠲᠠᠪᠬᠤᠷ ᠢᠰᠦᠯ᠂ ᠰᠫᠢᠷᠲ ᠪᠤᠯᠤᠨ ᠵᠦᠢᠯ ᠪᠦᠷᠢ ᠶᠢᠨ ᠠᠡᠭᠭᠢᠯᠤᠮᠠᠯ ᠦᠨᠦᠷᠲᠦ ᠪᠤᠳᠠᠰ ᠵᠡᠷᠭᠡ ᠬᠤᠷᠠᠯᠳᠤᠨ ᠨᠡᠮᠡᠭᠳᠡᠨ᠎ᠡ᠃ ᠴᠡᠭᠡ ᠳ᠋ᠦ ᠠᠮᠮᠤᠨᠢ ᠬᠦᠴᠢᠯ ᠡᠯᠪᠡᠭ ᠠᠭᠤᠯᠤᠬᠳᠠᠵᠦ᠂ ᠬᠦᠮᠦᠨ ᠤ ᠪᠡᠶ᠎ᠡ ᠳ᠋ᠦ ᠪᠠᠷᠤᠬ ᠯᠡ ᠪᠦᠷ ᠰᠢᠡᠭᠭᠡᠭᠡᠭᠳᠡᠳᠡᠭ᠃ ᠴᠡᠭᠡ ᠳ᠋ᠦ ᠢᠰᠭᠡᠭᠦᠷ᠂ ᠸᠢᠲ᠋ᠠᠮᠢᠨ C ᠪᠠ ᠸᠢᠲ᠋ᠠᠮᠢᠨ B  ᠶᠢᠨ ᠠᠶᠢᠮᠠᠬ᠂ ᠰᠦᠨ ᠬᠦᠴᠢᠯ᠂ ᠺᠠᠯᠽ ᠮᠠᠰᠢ ᠶᠡᠬᠡ ᠠᠭᠤᠯᠤᠬᠳᠠᠵᠦ ᠪᠠᠶᠢᠳᠠᠬ ᠮᠦᠷᠳᠡᠬᠡᠨ ᠳᠤᠤᠷ᠎ᠠ ᠦᠳᠭᠡᠣᠡ ᠲᠠᠢ ᠰᠫᠢᠷᠲ ᠠᠭᠤᠯᠤᠬᠳᠠᠵᠦ ᠪᠠᠶᠢᠳᠠᠬ᠃ ᠡᠨᠡ ᠨᠢ ᠴᠡᠭᠡ ᠶᠢ ᠤᠨᠴᠠᠭᠠᠢ ᠰᠢᠮ᠎ᠡ ᠲᠡᠵᠢᠭᠡᠯ ᠲᠠᠢ ᠪᠤᠯᠭᠠᠵᠦ᠂ ᠬᠦᠮᠦᠨ ᠤ ᠪᠡᠶ᠎ᠡ ᠮᠠᠬᠠᠪᠤᠳ ᠢ ᠰᠢᠮᠡᠵᠢᠭᠦᠯᠦᠨ ᠲᠦᠯᠵᠢᠭᠦᠯᠵᠦ᠂ ᠴᠢᠬᠢᠷᠠᠬᠵᠢᠭᠤᠯᠬᠤ ᠡᠮᠴᠢᠯᠡᠭᠡᠨ ᠤ ᠠᠴᠢ ᠲᠤᠰᠠ ᠲᠠᠢ ᠪᠤᠯᠭᠠᠬᠰᠠᠨ ᠪᠠᠶᠢᠨ᠎ᠠ᠃

 ᠴᠡᠭᠡ ᠪᠡᠷ ᠡᠪᠡᠳᠴᠢᠨ ᠵᠠᠰᠠᠬᠤ ᠶᠢ ᠴᠡᠭᠡ ᠵᠠᠰᠠᠯ ᠭᠡᠳᠡᠭ᠃ ᠰᠤᠳᠤᠯᠭᠠᠨ ᠢ ᠦᠨᠳᠦᠰᠦᠯᠡᠪᠡᠯ᠂ ᠴᠡᠭᠡ ᠪᠤᠯ ᠪᠡᠶ᠎ᠡ ᠶᠢ ᠲᠠᠮᠢᠷᠵᠢᠭᠤᠯᠬᠤ᠂ ᠭᠠᠯ ᠤᠨ ᠢᠯᠴᠢ ᠶᠢ ᠲᠡᠭᠰᠢᠳᠭᠡᠬᠦ᠂ ᠲᠤᠡᠭᠭᠠᠯᠠᠬ ᠴᠦᠪ ᠢ ᠢᠯᠭᠠᠷᠠᠭᠤᠯᠤᠨ᠂ ᠰᠢᠨ᠎ᠡ ᠬᠠᠭᠤᠴᠢᠨ ᠤ ᠰᠤᠯᠢᠯᠴᠠᠭ᠎ᠠ ᠶᠢ ᠰᠠᠶᠢᠵᠢᠷᠠᠭᠤᠯᠵᠦ᠂ ᠠᠷᠠᠰᠦ ᠬᠦᠷᠦᠰᠦ ᠶᠢ ᠵᠦᠭᠡᠯᠡᠷᠡᠭᠦᠯᠦᠨ᠂ ᠴᠢᠰᠦ ᠶᠢ ᠰᠢᠡᠭᠭᠡᠭᠡᠷᠡᠭᠦᠯᠬᠦ᠂ ᠰᠦᠪᠡ ᠶᠢ ᠨᠡᠭᠡᠭᠡᠭᠳᠡᠭᠦᠯᠵᠦ᠂ ᠴᠢᠰᠦ ᠲᠠᠮᠢᠷ ᠢ ᠨᠦᠬᠦᠬᠦ᠂ ᠴᠤᠬ ᠵᠢᠪᠬᠤᠭ᠎ᠠ ᠶᠢ ᠨᠡᠮᠡᠭᠳᠡᠭᠦᠯᠬᠦ ᠦᠢᠯᠡᠳᠦᠯ ᠲᠠᠢ᠃ ᠡᠮᠴᠢᠯᠡᠭᠡᠨ ᠲᠡᠭᠡᠷ᠎ᠡ ᠴᠡᠭᠡ ᠵᠠᠰᠠᠯ ᠨᠢ ᠭᠤᠤᠯᠳᠠᠭᠤ ᠠᠭᠤᠰᠬᠢᠨ ᠠᠷᠬᠠᠬ᠂ ᠠᠭᠤᠰᠬᠢᠨ ᠦᠭᠡᠷᠢ᠂ ᠠᠭᠤᠰᠬᠢᠨ ᠰᠦᠷᠢᠶ᠎ᠡ᠂ ᠠᠬᠰᠠᠭ᠎ᠠ᠂ ᠵᠢᠷᠦᠬᠡᠨ ᠡᠪᠡᠳᠴᠢᠨ᠂ ᠡᠯᠢᠭᠡᠨ ᠡᠪᠡᠳᠴᠢᠨ᠂ ᠮᠡᠳᠡᠷᠡᠯ ᠮᠠᠭᠤᠳᠠᠬᠤ᠂ ᠴᠢᠰᠦᠨ ᠳᠠᠷᠤᠯᠲᠠ ᠦᠨᠳᠦᠷᠵᠢᠭᠰᠡᠨ ᠡᠪᠡᠳᠴᠢᠨ᠂ ᠨᠤᠶᠢᠷ ᠬᠤᠯᠵᠢᠬᠤ᠂ ᠰᠢᠡᠭᠭᠡᠭᠡᠯᠲᠡ ᠳᠤᠷᠤᠶᠢᠳᠠᠬᠤ᠂ ᠦᠶ᠎ᠡ ᠭᠡᠰᠢᠭᠦᠨ ᠤ ᠰᠢᠷ᠎ᠠ ᠤᠰᠤ ᠡᠪᠡᠳᠴᠢᠨ᠂ ᠤᠰᠤᠨ ᠬᠠᠪᠤᠡᠭ᠂ ᠪᠠᠮ ᠬᠤᠷᠭᠤᠰᠤ ᠬᠠᠳᠠᠬᠤ ᠵᠡᠷᠭᠡ ᠶᠢ ᠵᠠᠰᠠᠬᠤ ᠳ᠋ᠦ ᠳᠤᠷᠠᠲᠠᠢ᠃

 ᠴᠡᠭᠡ ᠤᠤᠭᠤᠬᠤ ᠬᠡᠮᠵᠢᠶ᠎ᠡ ᠪᠠ ᠶᠤᠰᠤ ᠵᠢᠷᠦᠮ ᠤᠨ ᠲᠠᠯ᠎ᠠ ᠪᠡᠷ ᠡᠪᠡᠳᠴᠢᠨ ᠤ ᠪᠠᠶᠢᠳᠠᠯ᠂ ᠡᠪᠡᠳᠴᠢᠲᠡᠨ ᠤ ᠪᠡᠶ᠎ᠡ ᠶᠢᠨ ᠪᠠᠶᠢᠳᠠᠯ ᠢ ᠦᠨᠳᠦᠰᠦᠯᠡᠵᠦ᠂ ᠤᠳᠠᠭ᠎ᠠ ᠪᠦᠷᠢ ︆︃750 ᠮᠢᠯᠢᠯᠢᠲᠷ- 1000 ᠮᠢᠯᠢᠯᠢᠲᠷ ᠤᠤᠭᠤᠯᠭᠠᠵᠦ᠂ ᠡᠳᠦᠷ ᠲᠦ ᠭᠤᠷᠪᠠ ᠤᠳᠠᠭ᠎ᠠ ᠤᠤᠭᠤᠯᠭᠠᠨ᠎ᠠ᠃ ᠵᠢᠷᠦᠬᠡᠨ ᠡᠪᠡᠳᠴᠢᠨ ᠲᠠᠢ ᠬᠦᠮᠦᠰ ᠡᠳᠦᠷ ᠲᠦ 750 ᠮᠢᠯᠢᠯᠢᠲᠷ- 1750 ᠮᠢᠯᠢᠯᠢᠲᠷ ᠬᠢᠷᠢ ᠲᠠᠢ ᠤᠤᠭᠤᠯᠭᠠᠪᠠᠯ ᠵᠤᠬᠢᠨ᠎ᠠ᠃ ᠴᠡᠭᠡ ᠵᠠᠰᠠᠯ ᠬᠢᠵᠦ ᠪᠠᠶᠢᠭ᠎ᠠ ᠬᠤᠭᠤᠴᠠᠭᠠᠨ ᠳ᠋ᠠᠭᠠᠨ ᠡᠪᠡᠳᠴᠢᠨ ᠤ ᠪᠠᠶᠢᠳᠠᠯ ᠢ ᠦᠨᠳᠦᠰᠦᠯᠡᠵᠦ ᠵᠤᠬᠢᠰᠲᠠᠢ ᠡᠮ ᠵᠤᠷ ᠬᠠᠪᠰᠤᠷᠭᠠᠪᠠᠯ ᠦᠢᠯᠡᠳᠦᠯ ᠨᠢ ᠨᠡᠡᠭ ᠰᠠᠶᠢᠨ ᠪᠠᠶᠢᠳᠠᠬ᠃

 ᠴᠡᠭᠡ ᠵᠠᠰᠠᠯ ᠬᠢᠵᠦ ᠪᠠᠶᠢᠭ᠎ᠠ ᠬᠤᠭᠤᠴᠠᠭᠠᠨ ᠳᠦ ᠰᠤᠪᠢᠯᠠᠯᠲᠠ ᠶᠢ ᠰᠠᠶᠢᠲᠤᠷ ᠠᠡᠭᠬᠠᠷᠬᠤ ᠬᠡᠷᠡᠭᠲᠡᠢ᠃ ᠰᠤᠪᠢᠯᠠᠯᠲᠠ ᠶᠢ ᠶᠤᠰᠤᠴᠢᠯᠠᠨ ᠬᠢᠪᠡᠯ ᠴᠡᠭᠡ ᠶᠢᠨ ᠵᠠᠰᠠᠯ ᠬᠢᠵᠦ ᠪᠠᠶᠢᠭ᠎ᠠ ᠬᠦᠮᠦᠰ ᠤᠨ ᠪᠡᠶ᠎ᠡ ᠮᠠᠬᠠᠪᠤᠳ ᠢ ᠴᠢᠬᠢᠷᠠᠬᠵᠢᠭᠤᠯᠬᠤ᠂ ᠡᠪᠡᠳᠴᠢᠨ ᠡᠮᠬᠡᠭ ᠢ ᠤᠷᠢᠳᠴᠢᠯᠠᠨ ᠰᠡᠷᠬᠡᠶᠢᠯᠡᠬᠦ ᠪᠠ ᠵᠠᠰᠠᠬᠤ ᠦᠢᠯᠡᠳᠦᠯ︉ ᠢ ᠲᠡᠭᠡᠭᠰᠢᠯᠡᠭᠦᠯᠵᠦ ᠴᠢᠳᠠᠨ᠎ᠠ᠃ ᠡᠭᠦᠨ ᠳ᠋ᠦ ᠢᠳᠡᠭᠡᠨ ᠤᠮᠳᠠᠭᠠᠨ ᠤ ᠲᠠᠯ᠎ᠠ ᠪᠡᠷ ᠬᠡᠳᠦᠷᠬᠡᠢ ᠰᠡᠷᠢᠭᠦᠨ ᠴᠢᠨᠠᠷ ᠲᠠᠢ ᠪᠤᠶᠤ ᠰᠢᠡᠭᠭᠡᠭᠡᠬᠦ ᠳ᠋ᠦ ᠪᠡᠷᠬᠡᠲᠡᠢ ᠲᠤᠰᠤᠯᠢᠬ ᠬᠤᠷᠴᠠ᠂ ᠡᠪᠳᠡᠷᠡᠵᠦ ᠮᠠᠭᠤᠳᠠᠬᠰᠠᠨ ᠢᠳᠡᠭᠡᠨ ᠤᠮᠳᠠᠭᠠᠨ ᠢ ᠴᠡᠭᠡᠷᠯᠡᠬᠦ ᠬᠡᠷᠡᠭᠲᠡᠢ ᠪᠦᠭᠡᠳ ᠬᠡᠳᠦᠷᠬᠡᠢ ᠬᠠᠯᠠᠭᠤᠨ ᠴᠢᠨᠠᠷ ᠲᠠᠢ ᠢᠳᠡᠭᠡᠨ ᠤᠮᠳᠠᠭᠠᠨ ᠢ ᠴᠡᠭᠡᠷᠯᠡᠬᠦ ᠬᠡᠷᠡᠭᠲᠡᠢ᠃ ᠦᠢᠯᠡ ᠶᠠᠪᠤᠳᠠᠯ ᠤᠨ ᠲᠠᠯ᠎ᠠ ᠪᠡᠷ ᠡᠪᠡᠳᠴᠢᠲᠠᠨ ᠰᠢᠷᠦᠬᠦᠨ ᠬᠦᠨᠳᠦ ᠬᠦᠳᠡᠯᠮᠦᠷᠢ ᠳ᠋ᠦ ᠤᠷᠤᠯᠴᠠᠬᠤ ᠦᠭᠡᠢ᠂ ᠰᠠᠯᠬᠢ ᠵᠢᠪᠠᠷ᠂ ᠪᠤᠷᠤᠭᠠᠨ ᠤᠰᠤᠨ ᠡᠴᠡ ᠵᠠᠶᠢᠯᠠᠵᠦ᠂ ᠴᠢᠬᠢᠭ ᠨᠤᠶᠢᠲᠠᠨ ᠭᠠᠵᠠᠷ ᠰᠠᠭᠤᠬᠤ ᠦᠭᠡᠢ᠂ ᠬᠤᠷᠢᠴᠠᠯ ᠤᠨ ᠠᠮᠢᠳᠤᠷᠠᠯ ᠬᠢᠬᠦ ᠦᠭᠡᠢ᠂ ᠭᠠᠯ ᠨᠠᠷᠠᠨ ᠳ᠋ᠦ ᠬᠡᠳᠦᠷᠬᠡᠢ ᠬᠠᠯᠠᠵᠦ ᠰᠢᠷᠠᠬᠳᠠᠬᠤ ᠪᠤᠶᠤ ᠤᠰᠤᠨ ᠳ᠋ᠦ ᠤᠷᠤᠬᠤ ᠶᠢ ᠴᠡᠭᠡᠷᠯᠡᠵᠦ᠂ ᠰᠡᠳᠭᠢᠯ ᠰᠠᠨᠠᠭᠠᠨ ᠤ ᠲᠠᠯ᠎ᠠ ᠪᠡᠷ ᠡᠨᠡᠯᠦᠨ ᠵᠤᠪᠠᠵᠦ ᠭᠤᠳᠤᠷᠠᠬᠤ ᠦᠭᠡᠢ᠂ ᠪᠠᠶᠠᠰᠤᠡᠭᠭᠤᠢ ᠪᠠᠶᠢᠬᠤ ᠶᠢ ᠠᠡᠭᠬᠠᠷᠴᠦ᠂ ᠳᠤᠯᠠᠭᠠᠨ ᠪᠦᠯᠢᠶᠡᠨ ᠤᠷᠴᠢᠨ ᠲᠤᠭᠤᠷᠢᠨ ᠳ᠋ᠦ ᠪᠠᠶᠢᠵᠦ᠂ ᠵᠤᠬᠢᠰᠲᠠᠢ ᠬᠦᠡᠭᠬᠡᠨ ᠬᠦᠳᠡᠯᠭᠡᠭᠡᠨ ᠬᠢᠵᠦ᠂ ᠬᠦᠯᠦᠰᠦ ᠭᠠᠷᠬᠤ ᠶᠢᠨ ᠲᠡᠳᠦᠢ ᠪᠡᠶ᠎ᠠ ᠮᠠᠬᠠᠪᠤᠳ ᠤᠨ ᠬᠦᠳᠡᠯᠭᠡᠭᠡᠨ ᠬᠢᠬᠦ ᠶᠢ  ᠡᠷᠬᠢᠮᠯᠡᠬᠦ ᠬᠡᠷᠡᠭᠲᠡᠢ᠃


ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ