ᠰᠤᠳᠤᠯᠭᠠᠨ ᠤ ᠬᠥᠮᠤᠰ ᠤᠨ ᠰᠤᠩᠭᠤᠭᠰᠠᠨ ᠲᠤᠭ᠎ᠠ ᠪᠠᠷᠢᠮᠳᠠ ᠨᠢ ᠺᠤᠷᠢᠶᠠ ᠶᠢᠨ ᠤᠯᠤᠰ ᠤᠨ ᠡᠷᠡᠬᠦᠯ  ᠮᠠᠨᠳᠤ  ᠵᠢᠨ‌‍ᠲ᠋ᠠᠭᠠᠳᠬᠠᠯ ᠤᠨ ᠰᠢᠰᠲ᠋ᠧᠮ ᠠᠴᠠ ᠢᠷᠠᠯᠳᠠ ᠲᠠᠢ᠂ ᠲᠡᠬᠦᠨ ᠳᠤ ᠨᠡᠶᠢᠳᠡ 24.8 ᠲᠦᠮᠡᠨ 40  ᠨᠠᠰᠤᠨ  ᠠᠴᠠ  ᠲᠡᠭᠡᠭᠰᠢᠬᠢ‌‍ᠰᠠᠭᠤᠭᠠᠯᠢ ᠠᠷᠠᠳ ᠤᠨ ᠮᠡᠳᠡᠭᠡ ᠵᠠᠩᠬᠢ ᠶᠢ ᠬᠤᠷᠢᠶᠠᠨ ᠴᠤᠭᠯᠠᠭᠤᠯᠵᠠᠢ᠃ ᠰᠢᠳᠤᠨ  ᠤ  ᠡᠮᠨᠡᠯᠭᠡ  ᠶᠢᠨ  ᠪᠠᠶᠢᠴᠠᠭᠠᠯᠳᠠ  ᠵᠢᠨ‌‍ᠲ᠋ᠤᠭ᠎ᠠ ᠪᠠᠷᠢᠮᠳᠠ ᠳᠤ ᠢᠯᠡᠷᠡᠬᠦᠯᠦᠭᠰᠡᠨ ᠢᠶᠠᠷ᠂ ᠡᠬᠦᠨ ᠤ ᠲᠤᠳᠤᠷᠡᠬᠢ 40.5% ᠶᠢᠨ ᠬᠥᠮᠤᠰ  ᠰᠢᠳᠤ  ᠪᠠᠨ  ᠡᠳᠤᠷ  ᠪᠦᠷᠢ‌ᠨᠠᠭᠠᠳᠤ ᠵᠠᠬ᠎ᠠ ᠳᠠᠭᠠᠨ 3 ᠤᠳᠠᠭ᠎ᠠ ᠱᠤᠸᠠᠰᠠᠳᠠᠵᠤ᠂ 44.8% ᠶᠢᠨ  ᠬᠥᠮᠤᠰ  ᠦᠷᠯᠤᠭᠡ  ᠤᠷᠤᠢ  ᠳᠠᠭᠠᠨ  ᠰᠢᠳᠤ  ᠪᠠᠨ‌‍ᠱᠤᠸᠠᠰᠠᠳᠠᠵᠤ᠂ 14.7% ᠶᠢᠨ ᠬᠥᠮᠤᠰ ᠡᠳᠤᠷ ᠪᠦᠷᠢ ᠰᠢᠳᠤ ᠪᠠᠨ ᠨᠢᠭᠡ ᠤᠳᠠᠭ᠎ᠠ ᠴᠦ ᠱᠤᠸᠠᠰᠠᠳᠠᠬᠤ ᠦᠭᠡᠢ  ᠪᠠᠶᠢᠳᠠᠭ︔ᠡᠬᠦᠨ ᠠᠴᠠ ᠭᠠᠳᠠᠨ᠎ᠠ 25.9% ᠶᠢᠨ ᠬᠥᠮᠤᠰ ᠵᠢᠯ ᠪᠦᠷᠢ ᠰᠢᠳᠤ ᠪᠠᠨ ᠤᠬᠢᠶᠠᠬᠤ ᠲᠠᠳᠬᠠᠯ ᠲᠠᠢ ᠪᠠᠶᠢᠳᠠᠭ᠃  9.5  ᠵᠢᠯ‌‍ᠤᠨ ᠰᠤᠳᠤᠯᠭᠠᠨ ᠤ ᠲᠠᠭᠠᠨ ᠰᠤᠷᠪᠤᠯᠵᠢᠯᠠᠬᠤ ᠬᠤᠭᠤᠴᠠᠭᠠᠨ ᠳᠤ᠂ ᠵᠢᠷᠤᠭᠡᠨ ᠴᠢᠨᠠᠷᠳᠠᠢ ᠭᠡᠨᠡᠳᠳᠡ ᠶᠢᠨ ᠦᠬᠦᠯ᠂ ᠵᠢᠷᠤᠭᠡᠨ  ‍ᠤ‌‍ᠪᠤᠯᠴᠢᠩ ᠪᠢᠳᠡᠬᠦᠷᠡᠨ ᠦᠬᠦᠵᠢᠬᠦ᠂ ᠰᠠ ᠲᠠᠭᠠᠷᠢᠬᠤ ᠪᠠ ᠵᠢᠷᠤᠭᠡᠨ  ᠬᠥᠴᠤ  ᠰᠤᠯᠠᠷᠠᠬᠤ  ᠵᠡᠷᠭᠡ  ᠶᠢ  ᠪᠠᠭᠳᠠᠭᠠᠭᠰᠠᠨ  ᠵᠢᠷᠤᠭᠡ‌‍ᠴᠢᠰᠤᠨ ᠰᠤᠳᠡᠯ ᠤᠨ ᠬᠡᠷᠡᠭ ᠨᠡᠶᠢᠳᠡ 1.5 ᠲᠦᠮᠡ ᠡᠬᠦᠰᠦᠭᠰᠡᠨ ᠪᠠᠶᠢᠨ᠎ᠠ᠃

ᠰᠤᠳᠤᠯᠭᠠᠨ ᠤ ᠳ᠋ᠦᠩ ᠳᠤ ᠢᠯᠡᠷᠡᠬᠦᠯᠦᠭᠰᠡᠨ ᠢᠶᠠᠷ᠂ ᠰᠢᠳᠤᠨ ᠲᠤᠭᠤᠷᠢᠨ ᠤ ᠡᠪᠡᠳᠴᠢᠨ ᠲᠠᠢ᠂ ᠬᠤᠷᠤᠬᠠᠶᠢᠳᠤᠭᠰᠠᠨ‌‍ᠰᠢᠳᠤ ᠤᠯᠠᠨ ᠪᠤᠶᠤ ᠰᠢᠳᠤ ᠤᠯᠠᠨ ᠤᠨᠠᠬᠤ  ᠬᠥᠮᠤᠨ  ᠤ  ᠵᠢᠷᠤᠭᠡ  ᠴᠢᠰᠤᠨ  ᠰᠤᠳᠠᠯ  ᠨᠢ  ᠨᠡᠩ  ᠠᠮᠠᠷᠬᠠᠨ  ᠠᠰᠠᠭᠤᠳᠠᠯ‌ᠭᠠᠷᠤᠨ᠎ᠠ᠃ ᠰᠢᠳᠤ ᠪᠠᠨ ᠡᠳᠤᠷ ᠪᠦᠷᠢ ᠭᠤᠷᠪᠠ ᠤᠳᠠᠭ᠎ᠠ ᠱᠤᠸᠠᠰᠠᠳᠠᠪᠠᠯ᠂ ᠵᠢᠷᠤᠭᠡ ᠴᠢᠰᠤᠨ ᠰᠤᠳᠡᠯ ᠤᠨ ᠠᠰᠠᠭᠤᠳᠠᠯ ᠭᠠᠷᠬᠤ‌‍ᠲ᠋ᠦ᠋ᠭᠰᠢᠬᠦᠷᠢ ᠶᠢ 9% ᠪᠠᠷ ᠪᠠᠭᠤᠷᠠᠭᠤᠯᠵᠤ  ᠪᠤᠯᠤᠨ᠎ᠠ︔  ᠰᠢᠳᠤ  ᠪᠠᠨ  ᠵᠢᠯ  ᠪᠦᠷᠢ  ᠨᠢᠭᠡ  ᠤᠳᠠᠭ᠎ᠠ  ᠤᠬᠢᠶᠠᠪᠠᠯ  ᠲᠤᠰ‌‍ᠲ᠋ᠦ᠋ᠭᠰᠢᠬᠦᠷᠢ ᠶᠢ 14% ᠪᠠᠷ ᠪᠠᠭᠤᠷᠠᠭᠤᠯᠵᠤ ᠪᠤᠯᠤᠨ᠎ᠠ᠃ ᠲᠤᠰᠬᠠᠢ ᠮᠡᠷᠭᠡᠵᠢᠯᠳᠡᠨ ᠵᠢᠭᠠᠵᠤ ᠭᠠᠷᠭᠠᠭᠰᠠᠨ  ᠨᠢ᠂  ᠰᠢᠳᠤ  ᠪᠠᠨ‌ᠤᠯᠠᠨ ᠱᠤᠸᠠᠰᠠᠳᠠᠬᠤ᠂ ᠰᠢᠳᠤ ᠪᠠᠨ ᠦᠷᠬᠦᠯᠵᠢ ᠤᠬᠢᠶᠠᠬᠤ ᠪᠠᠷ ᠲᠡᠮᠵᠢᠭᠤᠯᠤᠨ ᠠᠮᠠᠨ ᠬᠥᠨᠳᠡᠢ ᠶᠢᠨ  ᠡᠷᠡᠬᠦᠯ  ᠬᠠᠮᠠᠭᠠᠯᠠᠯ  ᠢ‌‍ᠰᠠᠶᠢᠵᠢᠷᠠᠭᠤᠯᠪᠠᠯ ᠠᠮᠠᠨ ᠬᠥᠨᠳᠡᠢ ᠶᠢᠨ ᠤᠯᠠᠨ ᠠᠰᠠᠭᠤᠳᠠᠯ ᠢ ᠪᠠᠭᠠᠰᠬᠠᠵᠤ ᠪᠤᠯᠬᠤ ᠮᠦᠷᠳᠡᠭᠡᠨ ᠪᠠᠰᠠ ᠵᠢᠷᠤᠭᠡ ᠴᠢᠰᠤᠨ ᠰᠤᠳᠠᠯ‌ᠢ ᠬᠠᠮᠠᠭᠠᠯᠠᠬᠤ ᠦᠢᠯᠡᠳᠤᠯ ᠭᠠᠷᠭᠠᠵᠤ ᠴᠢᠳᠠᠨ᠎ᠠ᠃

ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ