ᠰᠢᠨᠡᠬᠡᠨ ᠰᠤᠳᠤᠯᠭᠠᠨ ᠢᠶᠠᠷ᠂ ᠠᠩᠭ᠍ᠯᠢ ᠶᠢᠨ ᠫᠣᠰᠲᠮᠥᠰ ᠶᠡᠭᠡ ᠰᠤᠷᠭᠠᠭᠤᠯᠢ ᠶᠢᠨ  ᠪᠡᠶ᠎ᠡ ᠶᠢᠨ  ᠲᠠᠮᠢᠷ ᠤᠨ  ᠰᠢᠨᠵᠢᠯᠡᠬᠦ‍‌ᠤᠬᠠᠭᠠᠨ ᠤ ᠰᠠᠯᠪᠤᠷᠢ ᠶᠢᠨ ᠰᠠᠮᠠᠨᠰᠠ · ᠮᠧᠷᠧᠳᠢᠰ ᠳ᠋ᠣᠺᠲ᠋ᠣᠷ ᠵᠢᠴᠢ  ᠲᠡᠭᠦᠨ ᠤ  ᠰᠤᠳᠤᠯᠭᠠᠨ ᠤ  ᠳᠤᠭᠤᠢᠢᠯᠠᠩ  ᠵᠢᠷᠦᠬᠡᠨ ‍ᠤ‌ᠡᠪᠡᠳᠴᠢᠲᠡᠨ ᠤ ᠥᠩᠭᠡᠷᠡᠭᠦᠯᠦᠭᠰᠡᠨ ᠰᠡᠳᠬᠢᠯ ᠵᠣᠪᠠᠭ᠋ᠤ᠂ ᠭᠠᠩᠰᠠᠷᠠᠬᠤ᠂ ᠡᠵᠡᠮᠰᠢᠯ ᠢᠶᠠᠨ ᠠᠯᠳᠠᠬᠤ ᠰᠡᠳᠬᠢᠯᠭᠡ ᠪᠣᠯᠤᠨ ᠪᠤᠰᠤᠳ‌ᠥᠪᠡᠷ ᠤᠨ ᠰᠡᠷᠡᠯ ᠵᠡᠷᠭᠡ ᠶᠢ  ᠨᠢᠭᠡ  ᠵᠢᠯ ᠤᠨ  ᠬᠤᠭᠤᠴᠠᠭ᠎ᠠ ᠲᠠᠢ ᠲᠠᠭᠠᠨ  ᠪᠠᠶᠢᠴᠠᠭᠠᠵᠠᠢ᠃  ᠡᠭᠦᠨ ᠤ  ᠳ᠋ᠦᠩ ᠳᠤ  ᠤᠯᠵᠤ‌ᠮᠡᠳᠡᠭᠰᠡᠨ ᠨᠢ᠂ ᠵᠢᠷᠦᠬᠡᠨ ᠤ ᠡᠪᠡᠳᠴᠢᠨ  ᠬᠥᠳᠡᠯᠦᠭᠰᠡᠨ ᠤ  ᠳᠠᠷᠠᠭ᠎ᠠ  ᠴᠥᠭᠡᠨ  ᠪᠤᠰᠤ  ᠬᠥᠮᠦᠰ  ᠨᠠᠵᠠᠭᠠᠶ  ᠰᠡᠳᠬᠢᠴᠡ ᠵᠢᠨ‌ᠨᠥ᠋ᠯᠥᠭᠡᠨ ᠳᠤ ᠲᠤᠯᠭᠠᠷᠠᠳᠠᠭ ᠪᠠᠶᠢᠨ᠎ᠠ᠂ ᠡᠨᠡ ᠨᠢ ᠭᠤᠣᠯᠳᠠᠭᠤ ᠭᠤᠷᠪᠠᠨ  ᠵᠦᠢᠯ ᠤᠨ  ᠬᠡᠯᠪᠡᠷᠢ ᠲᠠᠢ᠃  ᠨᠢᠭᠡ ᠳᠤ᠂  ᠡᠮᠡᠭᠲᠡᠶ‌ᠡᠪᠡᠳᠴᠢᠲᠡᠨ ᠲᠠᠢ ᠬᠠᠷᠢᠴᠠᠭᠤᠯᠪᠠᠯ᠂ ᠡᠷᠡᠭᠲᠡᠶ ᠶᠢᠨ ᠳᠡᠭᠡᠷᠡᠩᠭᠦᠶ ᠦᠵᠡᠯ ᠲᠠᠢ ᠡᠪᠡᠳᠴᠢᠲᠡᠨ ᠨᠢ  ᠡᠪᠡᠳᠴᠢᠨ  ᠬᠥᠳᠡᠯᠦᠭᠰᠡᠨ ‍ᠤ‌‍ᠰᠡᠭᠦᠯᠡᠷ ᠤᠷᠮ᠎ᠠ ᠰᠡᠳᠬᠢᠯᠭᠡ ᠶᠢᠨ  ᠭᠡᠮᠲᠦᠯ  ᠨᠡᠩ  ᠠᠮᠠᠷᠬᠠᠨ  ᠡᠭᠦᠰᠳᠡᠭ᠃  ᠡᠳᠡᠭᠡᠷ  ᠡᠷᠡᠭᠲᠡᠶ  ᠡᠪᠡᠳᠴᠢᠲᠡᠨ  ᠵᠢᠷᠦᠬᠡᠨ ‍ᠤ‌ᠡᠪᠡᠳᠴᠢᠨ ᠳᠤ  ᠨᠡᠷᠪᠡᠭᠳᠡᠮᠡᠭᠴᠡ  ᠥᠪᠡᠷ ᠢ ᠪᠠᠨ  《ᠬᠡᠷᠡᠭ  ᠦᠭᠡᠢ  ᠬᠥᠮᠦᠨ》  ᠭᠡᠵᠦ  ᠦᠵᠡᠬᠦ  ᠨᠢ  ᠬᠢᠯᠪᠠᠷ  ᠪᠠᠶᠢᠵᠤ᠂《ᠡᠪᠡᠳᠴᠢᠲᠡᠨ》 ᠭᠡᠰᠡᠨ ᠱᠣᠰᠢᠭ᠎ᠠ ᠲᠠᠢ ᠪᠤᠯᠬᠤ ᠠᠴᠠ  ᠠᠶᠤᠳᠠᠭ᠃  ᠡᠭᠦᠨ ᠤ  ᠬᠠᠮᠲᠤ᠂  ᠪᠡᠶ᠎ᠡ  ᠮᠠᠬᠠᠪᠣᠳ ᠤᠨ  ᠳᠤᠷᠤᠢ‌‍ᠪᠠᠭᠤᠷᠠᠶ ᠪᠠᠶᠢᠳᠠᠯ ᠨᠢ ᠪᠠᠰᠠ ᠲᠡᠳᠡᠨ ᠤ ᠤᠷᠮ᠎ᠠ ᠦᠭᠡᠶᠢᠲᠡᠵᠦ ᠪᠤᠬᠢᠨᠢᠳᠤᠬᠤ ᠰᠡᠳᠬᠢᠯᠭᠡ ᠶᠢ  ᠨᠡᠮᠡᠭᠳᠡᠭᠦᠯᠳᠡᠭ᠃  ᠬᠤᠶᠠᠷ ᠲᠤ᠂ᠵᠢᠷᠦᠬᠡᠨ ᠤ ᠡᠪᠡᠳᠴᠢᠨ  ᠬᠥᠳᠡᠯᠦᠭᠰᠡᠨ ᠤ  ᠳᠠᠷᠠᠭ᠎ᠠ᠂  ᠵᠠᠷᠢᠮ  ᠡᠪᠡᠳᠴᠢᠲᠡᠨ  ᠵᠢᠷᠦᠬᠡᠨ ᠤ  ᠠᠰᠠᠭᠤᠳᠠᠯ ᠳᠤ  ᠬᠢᠴᠢᠶᠡᠮᠡᠲᠡᠭᠡᠢ‌‍ᠪᠤᠯᠳᠠᠭ᠂ ᠡᠶᠢᠮᠦ ᠤᠷᠮ᠎ᠡ ᠰᠡᠳᠬᠢᠯᠭᠡ ᠶᠢᠨ ᠭᠡᠮᠲᠦᠯ ᠤᠨ ᠨᠢᠭᠡᠨ ᠨᠡᠶᠢᠲᠡᠯᠢᠭ ᠢᠯᠡᠷᠡᠯ ᠨᠢ 《ᠵᠢᠷᠦᠬᠡᠨ ᠠᠴᠠ ᠵᠢᠷᠦᠬᠡᠰᠢᠶᠡᠬᠦ ᠭᠡᠮ》ᠪᠤᠯᠤᠨ᠎ᠠ — ᠵᠢᠷᠦᠬᠡᠨ ᠤ ᠳᠠᠪᠲᠠᠮᠵᠢ ᠥᠨᠳᠦᠷᠰᠡᠬᠦ ᠠᠴᠠ ᠠᠶᠤᠵᠤ᠂ ᠬᠦᠴᠦ ᠣᠷᠣᠬᠤ ᠶᠠᠮᠠᠷ ᠴᠤ ᠶᠠᠪᠤᠳᠠᠯ ᠢ ᠬᠢᠬᠦ ᠳᠤ ᠴᠥᠮ《ᠵᠢᠷᠦᠬᠡ ᠪᠠᠨ ᠭᠠᠷ ᠲᠠᠭᠠᠨ ᠠᠳᠬᠤᠭᠰᠠᠨ》 ᠪᠠᠶᠢᠳᠠᠯ ᠲᠠᠢ ᠪᠠᠶᠢᠳᠠᠭ᠃ ᠡᠶᠢᠮᠦ ᠰᠠᠨᠠᠭᠠᠰᠢᠷᠠᠯ ᠢ ᠨᠠᠮᠳᠠᠭᠤᠯᠵᠤ ᠴᠢᠳᠠᠬᠤ ᠦᠭᠡᠢ‌‍ᠪᠤᠯ ᠵᠠᠶᠢᠯᠠᠰᠢ ᠦᠭᠡᠢ ᠡᠪᠡᠳᠴᠢᠲᠡᠨ ᠤ  ᠪᠠᠴᠢᠮᠳᠠᠵᠤ  ᠵᠣᠪᠠᠨᠢᠬᠤ  ᠰᠡᠳᠬᠢᠯᠭᠡ ᠶᠢ  ᠨᠡᠮᠡᠭᠳᠡᠭᠦᠯᠳᠡᠭ᠃  ᠭᠤᠷᠪᠠ ᠳᠤ᠂  ᠬᠡᠰᠡᠭ‌ᠡᠪᠡᠳᠴᠢᠲᠡᠨ ᠥᠪᠡᠷ ᠢ ᠪᠠᠨ ᠢᠳᠬᠠᠵᠤ ᠡᠪᠡᠳᠴᠢᠨ ᠡᠭᠦᠰᠦᠭᠰᠡᠨ ᠪᠣᠳᠠᠲᠤ ᠬᠡᠷᠡᠭ ᠢ ᠰᠡᠳᠬᠢᠴᠡ ᠶᠢᠨ  ᠲᠠᠯ᠎ᠠ ᠪᠠᠷ  ᠬᠦᠯᠢᠶᠡᠵᠦ‌ᠠᠪᠤᠭᠰᠠᠨ ᠴᠤ᠂ ᠡᠪᠡᠳᠴᠢᠨ ᠡᠭᠦᠰᠦᠭᠰᠡᠨ ᠠᠴᠠ ᠪᠤᠯᠵᠤ  ᠲᠠᠮᠢᠷ  ᠲᠡᠩᠬᠡᠭᠡ  ᠪᠠᠭᠤᠷᠠᠭᠰᠠᠨ ᠢ  ᠬᠦᠯᠢᠶᠡᠨ  ᠠᠪᠴᠤ  ᠴᠢᠳᠠᠬᠤ‌ᠦᠭᠡᠢ᠂ ᠨᠡᠯᠢᠶᠡᠳ ᠶᠡᠭᠡ ᠰᠡᠳᠬᠢᠴᠡ ᠶᠢᠨ ᠳᠠᠷᠤᠭᠠᠰᠤ ᠲᠠᠢ ᠪᠣᠯᠳᠠᠭ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ