ᠠᠮᠧᠷᠢᠺᠠ ᠶᠢᠨ  ᠬᠠᠷᠸᠠᠷᠳ᠋   ᠶᠡᠭᠡ   ᠰᠤᠷᠭᠠᠭᠤᠯᠢ ᠶᠢᠨ   ᠨᠢᠭᠡᠨ   ᠰᠤᠳᠤᠯᠭᠠᠨ ᠳᠤ᠂   ᠰᠦᠨᠢ ᠠᠵᠢᠯᠯᠠᠬᠤ   ᠨᠢ‌ᠡᠮᠡᠭᠲᠡᠶᠢᠴᠦᠳ ᠤᠨ ᠡᠷᠡᠭᠦᠯ ᠡᠩᠬᠡ ᠳᠤ ᠠᠰᠢᠭ ᠦᠭᠡᠢ᠂ ᠰᠦᠨᠢ᠂ ᠡᠳᠦᠷ ᠡᠭᠡᠯᠵᠢᠯᠡᠨ  ᠠᠵᠢᠯᠯᠠᠬᠤ  ᠨᠢ  ᠲᠡᠳᠡᠨᠤᠰ ᠤᠨ  ᠪᠡᠶ᠎ᠡ‌ᠮᠠᠬᠠᠪᠤᠳ ᠲᠤ ᠨᠡᠩ  ᠶᠡᠭᠡ  ᠬᠤᠣᠷ  ᠬᠦᠨᠦᠭᠡᠯ  ᠲᠠᠢ᠂  2  ᠬᠡᠯᠪᠡᠷᠢ ᠶᠢᠨ  ᠰᠢᠬᠢᠷ  ᠰᠢᠵᠢᠩ  ᠡᠪᠡᠳᠴᠢᠨ ᠳᠤ  ᠨᠡᠷᠪᠡᠭᠳᠡᠬᠦᠲ᠋ᠦ᠋ᠰᠢᠭᠦᠷᠢ ᠶᠢ ᠨᠡᠮᠡᠭᠳᠡᠭᠦᠯᠦᠨ᠎ᠡ ᠭᠡᠳᠡᠭ ᠢ ᠢᠯᠡᠷᠡᠭᠦᠯᠵᠡᠢ᠃

ᠬᠠᠷᠸᠠᠷᠳ᠋ ᠶᠡᠭᠡ ᠰᠤᠷᠭᠠᠭᠤᠯᠢ ᠵᠢᠨ‌‍ᠰᠤᠳᠤᠯᠭᠠᠲᠠᠨ  24  ᠵᠢᠯ ᠤᠨ  ᠬᠤᠭᠤᠴᠠᠭᠠᠨ ᠳᠤ᠂  14  ᠲᠦᠮᠡᠨ  ᠡᠮᠡᠭᠲᠡᠢ‌‍ ᠰᠤᠪᠢᠯᠠᠭᠴᠢ ᠶᠢᠨ ᠡᠷᠡᠭᠦᠯ ᠮᠡᠨᠳᠦ ᠶᠢᠨ ᠰᠤᠷᠠᠭ ᠵᠠᠩᠭᠢ ᠶᠢ  ᠰᠤᠳᠤᠯᠵᠠᠢ᠃  ᠰᠤᠳᠤᠯᠭᠠᠨ ᠤ  ᠠᠩᠬᠠᠨ  ᠤ  ᠬᠤᠭᠤᠴᠠᠭᠠᠨ ᠳᠤ᠂ᠪᠦᠬᠦᠶᠢᠯᠡ ᠣᠷᠣᠯᠴᠠᠭᠴᠢ ᠶᠢᠨ ᠪᠡᠶ᠎ᠡ ᠮᠠᠬᠠᠪᠤᠳ ᠤᠨ  ᠡᠷᠡᠭᠦᠯ  ᠮᠡᠨᠳᠦ ᠶᠢᠨ  ᠪᠠᠶᠢᠳᠠᠯ  ᠴᠦᠮ  ᠰᠠᠶᠢᠨ ᠪᠠᠶᠢᠵᠤ᠂  ᠮᠦᠷᠳᠡᠨ‌‍ ᠪᠠᠶᠢᠴᠠᠭᠠᠬᠤ ᠬᠤᠭᠤᠴᠠᠭᠠᠨ ᠳᠤ  ᠨᠡᠶᠢᠲᠡ  ᠲᠦᠮᠡ  ᠭᠠᠷᠤᠢ  ᠬᠦᠮᠦᠨ  2  ᠬᠡᠯᠪᠡᠷᠢ ᠶᠢᠨ  ᠰᠢᠬᠢᠷ  ᠰᠢᠵᠢᠩ  ᠡᠪᠡᠳᠴᠢᠨ ᠳ᠋ᠦ‌ᠨᠡᠷᠪᠡᠭᠳᠡᠭᠰᠡᠨ ᠢᠶᠠᠷ ᠤᠨᠤᠰᠢᠯᠠᠭᠳᠠᠭᠰᠠᠨ ᠪᠠᠶᠢᠯ᠎ᠠ᠃  ᠪᠤᠳᠠᠲᠠᠢ ᠪᠠᠷ  ᠠᠪᠴᠤ  ᠬᠡᠯᠡᠪᠡᠯ᠂  ᠣᠷᠣᠯᠴᠠᠭᠴᠢ ᠶᠢᠨ  ᠡᠳᠦᠷ  ᠰᠦᠨᠢ‌ᠡᠭᠡᠯᠵᠢᠯᠡᠨ ᠠᠵᠢᠯᠯᠠᠭᠰᠠᠨ ᠬᠤᠭᠤᠴᠠᠭ᠎ᠠ ᠨᠢ 5 ᠵᠢᠯ ᠨᠡᠮᠡᠭᠳᠡᠬᠦ  ᠪᠦᠷᠢ  2  ᠬᠡᠯᠪᠡᠷᠢ ᠶᠢᠨ  ᠰᠢᠬᠢᠷ  ᠰᠢᠵᠢᠩ  ᠡᠪᠡᠳᠴᠢᠨ ᠳ᠋ᠦ‌ᠨᠡᠷᠪᠡᠭᠳᠡᠬᠦ ᠲᠦᠭᠰᠢᠭᠦᠷᠢ ᠨᠢ 31% ᠨᠡᠮᠡᠭᠳᠡᠨ᠎ᠡ᠃ ᠬᠡᠷᠪᠡ ᠲᠤᠰ ᠪᠡᠶ᠎ᠡ ᠨᠢ ᠪᠠᠰᠠ ᠲᠠᠮᠠᠬᠢ ᠲᠠᠲᠠᠬᠤ ᠪᠤᠶᠤ ᠮᠠᠷᠢᠶᠠᠲᠠᠢ᠂ ᠡᠷᠡᠭᠦᠯ‌‍ᠪᠤᠰᠤ ᠢᠳᠡᠭᠡᠨ ᠢ ᠢᠳᠡᠬᠦ᠂ ᠬᠦᠳᠡᠯᠭᠡᠭᠡᠨ ᠳᠤᠲᠠᠬᠤ ᠵᠡᠷᠭᠡ ᠡᠷᠡᠭᠦᠯ ᠪᠤᠰᠤ ᠠᠮᠢᠳᠤᠷᠠᠯ ᠤᠨ ᠳᠠᠳᠬᠠᠯ ᠲᠠᠢ ᠪᠣᠯᠬᠤ ᠳᠤ  ᠬᠦᠷᠪᠡᠯ᠂《ᠮᠠᠭᠤ ᠳᠠᠳᠬᠠᠯ》 ᠪᠦᠷᠢ ᠨᠢ ᠲᠡᠭᠦᠨ ᠤ ᠡᠪᠡᠳᠴᠢᠨ ᠨᠡᠷᠪᠡᠭᠳᠡᠬᠦ  ᠲᠦᠭᠰᠢᠭᠦᠷᠢ ᠶᠢ  ᠳᠠᠬᠢᠨ ᠢᠶᠠᠷ  ᠨᠡᠮᠡᠭᠳᠡᠭᠦᠯᠦᠨ᠎ᠡ᠃  ᠲᠤᠰ‌‍ᠰᠤᠳᠤᠯᠭᠠᠨ ᠳᠤ᠂ ᠡᠳᠦᠷ ᠰᠦᠨᠢ ᠪᠠᠷ ᠡᠭᠡᠯᠵᠢᠯᠡᠨ ᠠᠵᠢᠯᠯᠠᠬᠤ ᠶᠢ ᠨᠢᠭᠡ ᠰᠠᠷ᠎ᠠ ᠳᠤ ᠨᠠᠭᠠᠲᠤ ᠵᠠᠬ᠎ᠠ ᠳᠤ ᠪᠠᠨ  ᠭᠤᠷᠪᠠ  ᠤᠳᠠᠭ᠎ᠠ‌‍ᠰᠦ᠋ᠨᠢ ᠶᠢᠨ ᠡᠭᠡᠯᠵᠢᠨ ᠳᠤ ᠠᠵᠢᠯᠯᠠᠬᠤ ᠪᠠᠷ ᠪᠣᠳᠤᠵᠠᠢ᠃  

ᠰᠤᠳᠤᠯᠭᠠᠲᠠᠨ ᠠᠴᠠ ᠵᠢᠭᠠᠨ ᠭᠠᠷᠭᠠᠭᠰᠠᠨ ᠨᠢ᠂ ᠬᠦᠮᠦᠨ ᠤ  ᠠᠵᠢᠯᠯᠠᠬᠤ  ᠴᠠᠭ ᠤᠨ  ᠲᠣᠬᠢᠷᠠᠭᠤᠯᠤᠯᠲᠠ  ᠨᠢ  ᠪᠡᠶ᠎ᠡ‌ᠮᠠᠬᠠᠪᠤᠳ ᠤᠨ 《ᠤᠶᠠᠨ ᠬᠠᠲᠠᠨ ᠴᠢᠨᠠᠷ》 ᠢ ᠨᠦᠯᠦᠭᠡᠯᠡᠨ᠎ᠡ᠂ ᠢᠯᠠᠩᠭᠤᠶ᠎ᠠ  ᠴᠢᠰᠤᠨ  ᠰᠢᠬᠢᠷ ᠤᠨ  ᠬᠡᠮᠵᠢᠶ᠎ᠡ ᠶᠢ  ᠬᠢᠵᠠᠭᠠᠷᠯᠠᠬᠤ‌‍ᠴᠢᠳᠠᠪᠤᠷᠢ ᠶᠢ ᠨᠦᠯᠦᠭᠡᠯᠡᠬᠦ ᠪᠣᠯᠣᠨ᠎ᠠ᠃ ᠦᠨᠡᠨ ᠳᠤ ᠪᠠᠨ ᠪᠡᠶ᠎ᠡ ᠶᠢᠨ ᠲᠠᠮᠢᠷ ᠤᠨ  ᠪᠣᠯᠪᠠᠰᠤᠷᠠᠯ ᠢᠶᠠᠨ  ᠴᠢᠩᠭᠠᠳᠬᠠᠨ᠂  ᠡᠷᠡᠭᠦᠯ‌‍ᠰᠠᠷᠠᠭᠤᠯ ᠠᠮᠢᠳᠤᠷᠠᠯ ᠤᠨ ᠳᠠᠳᠬᠠᠯ ᠢ ᠪᠠᠲᠤᠯᠠᠬᠤ ᠪᠠᠷ ᠳᠠᠮᠵᠢᠨ‌ᠣᠯᠠᠩᠬᠢ 2 ᠬᠡᠯᠪᠡᠷᠢ ᠶᠢᠨ ᠰᠢᠬᠢᠷ ᠰᠢᠵᠢᠩ  ᠡᠪᠡᠳᠴᠢᠨ   ᠡᠴᠠ‌ ᠵᠠᠶᠢᠯᠠᠰᠬᠢᠵᠤ ᠪᠣᠯᠣᠨ᠎ᠠ᠃ ᠰᠦᠨᠢ ᠶᠢᠨ ᠡᠭᠡᠯᠵᠢᠨ ᠳᠤ  ᠠᠵᠢᠯᠯᠠᠳᠠᠭ  ᠡᠮᠡᠭᠲᠡᠶᠢᠴᠦᠳ  ᠰᠢᠬᠢᠷ  ᠰᠢᠵᠢᠩ  ᠡᠪᠡᠳᠴᠢᠨ ᠳᠤ  ᠨᠡᠩ‌‍ᠬᠢᠯᠪᠠᠷᠬᠠᠨ ᠨᠡᠷᠪᠡᠭᠳᠡᠬᠦ ᠨᠢ ᠤᠨᠲᠠᠬᠤ ᠵᠢᠮ᠎ᠡ ᠶᠣᠰᠣ ᠶᠢ  ᠰᠠᠮᠠᠷᠠᠭᠤᠯᠤᠭᠰᠠᠨ ᠠᠴᠠ  ᠪᠣᠯᠵᠤ᠂  ᠠᠮᠢᠳᠤ  ᠪᠤᠳᠠᠰ ᠤᠨ  ᠴᠠᠭ  ᠨᠢ‌‍ᠰᠠᠮᠠᠭᠤᠷᠠᠵᠤ ᠬᠤᠷᠮᠣᠨ ᠱᠦᠭᠦᠷᠡᠭᠦᠯᠬᠦ ᠪᠠ ᠭᠡᠳᠡᠰᠦᠨ ᠤ ᠪᠠᠺᠲ᠋ᠧᠷᠢ ᠶᠢᠨ ᠰᠦᠷᠦᠭ ᠤᠨ  ᠲᠡᠩᠴᠡᠭᠦᠷᠢ ᠶᠢ  ᠨᠦᠯᠦᠭᠡᠯᠡᠭᠰᠡᠨ ᠡᠴᠡ‌‍ᠪᠤᠯᠳᠠᠭ ᠠᠵᠠᠢ᠃

ᠢᠷᠡᠯᠳᠡ : 

 ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ