1.jpg

ᠲᠠᠬᠢᠶᠠᠨ ᠥᠨᠳᠡᠭᠡ ᠰᠢᠮ᠎ᠡ ᠲᠡᠵᠢᠭᠡᠯ ᠡᠯᠪᠡᠭᠲᠡᠢ᠂ ᠪᠠᠵᠠᠭᠠᠵᠤ ᠬᠢᠬᠦ ᠠᠷᠭ᠎ᠠ ᠨᠢ ᠤᠯᠠᠨ᠂ ᠠᠯᠢ ᠨᠢ ᠬᠠᠮᠤᠭ ᠤᠨ ᠰᠢᠮ᠎ᠡ‌‍ᠲ᠋ᠡᠵᠢᠭᠡᠯ ᠲᠠᠢ᠂ ᠡᠷᠡᠭᠦᠯ ᠮᠡᠨᠳᠦ ᠳᠤ ᠲᠤᠰᠠ ᠲᠠᠢ ᠪᠤᠢ ᠭᠡᠪᠡᠯ᠂ ᠶᠠᠷᠢᠶᠠᠨ  ᠦᠭᠡᠢ  ᠴᠢᠨᠠᠭᠰᠠᠨ  ᠲᠠᠬᠢᠶᠠᠨ  ᠥᠨᠳᠡᠭᠡ  ᠶᠤᠮ᠃ᠭᠡᠪᠡᠴᠦ ᠲᠠᠬᠢᠶᠠᠨ ᠥᠨᠳᠡᠭᠡ ᠴᠢᠨᠠᠬᠤ ᠳᠤ ᠪᠠᠰᠠ ᠠᠩᠬᠠᠷᠬᠤ ᠵᠦᠢᠯ ᠪᠤᠢ᠂ ᠵᠦᠪ ᠴᠢᠨᠠᠬᠤ ᠦᠭᠡᠢ ᠪᠤᠯ ᠰᠢᠮ᠎ᠡ ᠲᠡᠵᠢᠭᠡᠯ ᠢ  ᠨᠢ‌‍ᠶᠡᠭᠡ ᠪᠠᠷ ᠠᠯᠳᠠᠭᠳᠠᠭᠤᠯᠬᠤ ᠪᠠᠷ ᠪᠠᠷᠠᠬᠤ ᠦᠭᠡᠢ᠂ ᠴᠢᠨᠠᠭᠰᠢᠯᠠᠪᠠᠯ ᠪᠠᠰᠠ ᠬᠤᠣᠷᠲᠠᠢ ᠪᠣᠳᠠᠰ ᠡᠭᠦᠰᠬᠡᠵᠦ ᠮᠡᠳᠡᠨ᠎ᠡ᠃   ᠲᠠᠬᠢᠶᠠᠨ ᠥᠨᠳᠡᠭᠡ ᠶᠢ ᠴᠢᠨᠠᠵᠤ ᠪᠣᠯᠭᠤᠭᠠᠬᠤ ᠦᠭᠡᠢ ᠪᠤᠯ  ᠠᠮᠤᠷ  ᠲᠦᠪᠰᠢᠨ  ᠪᠤᠰᠤ  ᠭᠡᠵᠦ  ᠤᠯᠠᠩᠬᠢ  ᠬᠥᠮᠦᠰ‌‍ᠰᠠᠨᠠᠭ᠎ᠠ ᠵᠤᠪᠠᠳᠠᠭ᠂ ᠲᠡᠭᠡᠭᠡᠳ  ᠮᠠᠰᠢ  ᠤᠷᠳᠤ  ᠴᠠᠭ  ᠬᠤᠭᠤᠴᠠᠭ᠎ᠠ  ᠴᠢᠨᠠᠵᠤ᠂  ᠴᠢᠨᠠᠭᠰᠢᠯᠠᠭᠠᠳ  ᠵᠠᠷᠢᠮ  ᠬᠥᠮᠦᠨ  ᠪᠠᠰᠠ‌‍ᠲ᠋ᠤᠰᠬᠠᠶᠢᠯᠠᠨ ᠤᠰᠤᠨ ᠳᠤ ᠤᠳᠠᠭᠠᠨ ᠴᠢᠨᠠᠭᠰᠠᠨ ᠥᠨᠳᠡᠭᠡ᠂ ᠬᠤᠯᠤᠰᠤᠨ  ᠨᠠᠪᠴᠢ ᠲᠠᠢ  ᠤᠳᠠᠭᠠᠨ  ᠴᠢᠨᠠᠭᠰᠠᠨ  ᠥᠨᠳᠡᠭᠡ᠂ᠴᠠᠢ ᠳᠤ ᠤᠳᠠᠭᠠᠨ ᠴᠢᠨᠠᠭᠰᠠᠨ ᠥᠨᠳᠡᠭᠡ ᠵᠡᠷᠭᠡ ᠶᠢ ᠢᠳᠡᠬᠦ ᠳᠤᠷᠠᠲᠠᠶ  ᠪᠠᠶᠢᠳᠠᠭ᠃  ᠭᠡᠲᠡᠯ᠎ᠡ  ᠲᠠᠬᠢᠶᠠᠨ  ᠥᠨᠳᠡᠭᠡ ᠶᠢ  ᠬᠡᠲᠦ‌ᠤᠳᠠᠭᠠᠨ ᠴᠢᠨᠠᠪᠠᠯ ᠲᠡᠭᠦᠨ ᠤ ᠳᠣᠲᠣᠷᠠᠬᠢ B ᠲᠦᠷᠦᠯ ᠤᠨ ᠸᠢᠲ᠋ᠠᠮᠢᠨ᠂ ᠸᠢᠲ᠋ᠠᠮᠢᠨ E ᠵᠡᠷᠭᠡ  ᠰᠢᠮ᠎ᠡ  ᠲᠡᠵᠢᠭᠡᠯᠲᠦ  ᠡᠳ᠋ ᠨᠢ‌ᠠᠯᠳᠠᠭᠳᠠᠬᠤ ᠪᠠᠷ ᠪᠠᠷᠠᠬᠤ ᠦᠭᠡᠢ᠂ ᠪᠠᠰᠠ ᠲᠡᠭᠦᠨ ᠳᠤ ᠠᠭᠤᠯᠤᠭᠳᠠᠬᠤ ᠥᠭᠡᠬᠦᠨ ᠬᠦᠴᠢᠯ᠂ ᠰᠥᠰᠥᠨ ᠤ ᠭᠤᠨᠠᠨ  ᠠᠯᠺᠣᠣᠯ ᠢ‌ᠢᠰᠦᠯᠳᠦᠭᠦᠯᠳᠡᠭ᠃ ᠲᠠᠬᠢᠶᠠᠨ ᠥᠨᠳᠡᠭᠡᠨ ᠳᠤ ᠠᠭᠤᠯᠳᠠᠭ ᠰᠠᠶᠢᠨ  ᠥᠭᠡᠬᠦ᠂  ᠵᠢᠱᠢᠶᠡᠯᠡᠪᠡᠯ  ᠳᠤᠲᠠᠭᠤ  ᠲᠣᠰᠣᠨ  ᠬᠦᠴᠢᠯ᠂ᠠᠷᠠᠾᠢᠳᠤᠨ ᠬᠦᠴᠢᠯ ᠪᠠ DHA (C22H32O2) ᠵᠡᠷᠭᠡ ᠪᠣᠯ ᠪᠦᠷ ᠬᠠᠨᠤᠮᠠᠯ ᠪᠤᠰᠤ ᠥᠭᠡᠬᠦᠨ ᠬᠦᠴᠢᠯ  ᠪᠠᠶᠢᠵᠤ᠂ᠠᠮᠠᠷᠬᠠᠨ ᠢᠰᠦᠯᠳᠦᠳᠡᠭ᠃ ᠬᠠᠯᠠᠭᠠᠬᠤ ᠶᠠᠪᠤᠴᠠ ᠳᠤ᠂ ᠳᠤᠯᠠᠭᠠᠨ ᠤ ᠳᠡᠭᠡᠭᠰᠢᠯᠡᠬᠦ ᠶᠢ ᠳᠠᠭᠠᠯᠳᠤᠨ᠂  ᠢᠰᠦᠯᠳᠦᠬᠦ  ᠤᠷᠪᠠᠯ ‍ᠤᠨ‌ᠬᠤᠷᠳᠤᠴᠠ ᠨᠢ ᠲᠦᠷᠭᠡᠳᠴᠦ᠂ ᠬᠠᠯᠠᠭᠠᠬᠤ ᠴᠠᠭ ᠬᠤᠭᠤᠴᠠᠭ᠎ᠠ ᠨᠢ ᠬᠡᠳᠦᠶ ᠤᠷᠲᠤ ᠪᠤᠯᠬᠤ ᠲᠤᠳᠤᠮ  ᠢᠰᠦᠯᠳᠦᠬᠦ ᠨᠢ  ᠲᠡᠳᠦᠶ‌ᠢᠯᠡᠭᠦᠦ ᠪᠣᠯᠤᠨ᠎ᠠ᠃ ᠢᠰᠦᠯᠳᠦᠭᠰᠡᠨ ᠤ ᠳᠠᠷᠠᠭᠠᠬᠢ ᠥᠭᠡᠬᠦ ᠨᠢ《ᠰᠠᠶᠢᠨ ᠢᠷᠭᠡᠨ》 ᠠᠴᠠ ᠪᠠᠨ《ᠠᠳᠠ  ᠴᠢᠳᠬᠦᠷ》  ᠪᠤᠯᠤᠨ‌ᠬᠤᠪᠢᠷᠠᠵᠤ᠂ ᠬᠥᠮᠦᠨ ᠤ ᠪᠡᠶ᠎ᠡ ᠳᠤ ᠤᠷᠤᠭᠰᠠᠨ ᠤ ᠪᠠᠨ ᠳᠠᠷᠠᠭ᠎ᠠ ᠴᠢᠯᠥᠭᠡᠲᠦ  ᠪᠦᠯᠦᠭ ᠤᠨ  ᠪᠤᠢ  ᠪᠣᠯᠬᠤ ᠶᠢ  ᠨᠡᠮᠡᠭᠳᠡᠭᠦᠯᠵᠦ᠂ᠴᠢᠨᠠᠭᠰᠢᠯᠠᠭᠠᠳ DHA ᠪᠣᠯᠤᠨ ᠡᠰ ᠤᠨ  ᠪᠦᠲᠦᠴᠡ  ᠵᠡᠷᠭᠡ ᠶᠢ  ᠡᠪᠳᠡᠳᠡᠭ᠃  ᠰᠤᠳᠤᠯᠭᠠᠨ ᠢᠶᠠᠷ  ᠢᠯᠡᠷᠡᠭᠦᠯᠦᠭᠰᠡᠨ ᠨᠢ᠂ᠰᠥᠰᠥᠨ ᠤ ᠭᠤᠨᠠᠨ ᠠᠯᠺᠣᠣᠯ ᠨᠢ ᠬᠥᠮᠦᠨ ᠤ ᠪᠡᠶ᠎ᠡ ᠶᠢᠨ ᠡᠰ ᠤᠨ ᠢᠰᠦᠯᠳᠦᠯ ᠵᠢᠴᠢ ᠦᠷᠪᠢᠰᠦᠯ ᠤᠨ ᠬᠠᠷᠢᠭᠤ  ᠲᠤᠰᠬᠠᠯ ‍ᠤᠨ‌ᠨᠡᠮᠡᠭᠳᠡᠬᠦ᠂ ᠥᠭᠡᠬᠦᠨ ᠤ ᠲᠥᠷᠥᠯ ᠤᠨ ᠬᠡᠪ  ᠤᠨ ᠪᠤᠰᠤ ᠰᠣᠯᠢᠯᠴᠠᠭ᠎ᠠ᠂ ᠬᠥᠮᠦᠨ ᠤ ᠪᠡᠶ᠎ᠡ ᠶᠢᠨ ᠴᠢᠰᠤᠨ ᠰᠤᠳᠠᠯ ᠤᠨ  ᠳᠣᠲᠣᠷ‌‍ ᠪᠦ᠋ᠷᠬᠦᠪᠴᠢ ᠶᠢᠨ ᠭᠡᠮᠲᠦᠯ ᠵᠡᠷᠭᠡ ᠲᠠᠢ ᠬᠤᠯᠪᠣᠭᠳᠠᠯ ᠲᠠᠢ᠃

ᠲᠡᠭᠡᠪᠡᠯ ᠲᠠᠬᠢᠶᠠᠨ ᠥᠨᠳᠡᠭᠡ ᠶᠢ ᠶᠠᠭᠠᠬᠢᠵᠤ ᠴᠢᠨᠠᠪᠠᠯ ᠨᠡᠩ ᠡᠷᠡᠭᠦᠯ ᠮᠡᠨᠳᠦ ᠳᠤ ᠲᠤᠰᠠᠲᠠᠢ  ᠪᠤᠢ︖  ᠲᠤᠷᠰᠢᠯᠲᠠ ᠵᠢ‌ᠦᠨᠳᠦᠰᠦᠯᠡᠪᠡᠯ᠂ ᠬᠠᠯᠠᠭᠤᠨ ᠤᠰᠤ ᠪᠤᠶᠤ ᠬᠦᠢᠲᠡᠨ ᠤᠰᠤᠨ ᠳᠤ ᠴᠢᠨᠠᠭᠠᠳ᠂ ᠪᠤᠴᠠᠯᠤᠮᠠᠯ ᠪᠠᠶᠢᠳᠠᠯ ᠢ 3 ᠠᠴᠠ  5  ᠮᠢᠨᠦ᠋ᠲ‌ᠬᠠᠳᠠᠭᠠᠯᠠᠨ᠎ᠠ᠂ ᠢᠩᠭᠢᠵᠦ ᠴᠢᠨᠠᠭᠰᠠᠨ ᠲᠠᠬᠢᠶᠠᠨ ᠥᠨᠳᠡᠭᠡ ᠶᠢᠨ ᠪᠠᠶᠢᠳᠠᠯ ᠨᠡᠯᠢᠶᠡᠳ ᠰᠠᠶᠢᠨ ᠪᠠᠶᠢᠳᠠᠭ᠃ ᠭᠠᠳᠠᠭᠠᠳᠤ ᠶᠢᠨ ᠵᠠᠷᠢᠮ‌‍ ᠴᠢᠨᠠᠭᠰᠠᠨ ᠲᠠᠬᠢᠶᠠᠨ ᠥᠨᠳᠡᠭᠡ ᠨᠢ《5》 ᠪᠤᠶᠤ《3》 ᠭᠡᠰᠡᠨ ᠲᠤᠳᠤᠷᠬᠠᠢᠢᠯᠠᠯᠲᠠ ᠲᠠᠢ ᠪᠠᠶᠢᠳᠠᠭ᠂ ᠲᠡᠷᠡ ᠨᠢ 5  ᠮᠢᠨᠦ᠋ᠲ‌‍ ᠪᠤᠶᠤ 3 ᠮᠢᠨᠦ᠋ᠲ ᠴᠢᠨᠠᠭᠰᠠᠨ ᠲᠠᠬᠢᠶᠠᠨ ᠥᠨᠳᠡᠭᠡ ᠶᠢ ᠵᠢᠭᠠᠵᠤ ᠪᠠᠶᠢᠨ᠎ᠠ᠃ ᠬᠡᠷᠪᠡ  ᠬᠢᠷᠢ  ᠲᠡᠩᠴᠡᠭᠰᠡᠨ  ᠥᠨᠳᠡᠭᠡ  ᠴᠢᠨᠠᠬᠤ‌‍ᠪᠠᠭᠠᠵᠢ ᠶᠢ ᠬᠡᠷᠡᠭᠯᠡᠪᠡᠯ᠂ ᠤᠰᠤᠨ ᠤ ᠬᠡᠮᠵᠢᠶ᠎ᠡ ᠨᠢ ᠲᠣᠬᠢᠷᠠᠮᠵᠢᠲᠠᠶ ᠪᠠᠶᠢᠪᠠᠯ  ᠪᠠᠰᠠ  ᠡᠶᠢᠮᠦ  ᠨᠡᠯᠢᠶᠡᠳ  ᠰᠠᠶᠢᠨ  ᠪᠠᠶᠢᠳᠠᠯ ᠲᠠᠢ‌‍ᠲ᠋ᠠᠬᠢᠶᠠᠨ ᠥᠨᠳᠡᠭᠡ ᠶᠢ ᠴᠢᠨᠠᠵᠤ ᠭᠠᠷᠭᠠᠵᠤ ᠴᠢᠳᠠᠨ᠎ᠠ᠃


ᠢᠷᠡᠯᠳᠡ : 

ᠠᠷᠠᠳ ᠤᠨ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ